ᠳᠣᠷᠣᠨ᠎ᠠ ᠶ᠋ᠢᠨ ᠨᠠᠮᠤᠭᠤᠬᠠᠨ ᠣᠳᠬᠠᠨ ᠲᠩᠷᠢ-ᠴᠡᠨᠳᠠᠰᠦ᠋ᠷᠦᠩDorniin namuun Otgontenger - Tsendsuren Цэндсүрэн - Дорнын намуухан - Отгонтэнгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠣᠷᠣᠨ᠎ᠠ ᠶ᠋ᠢᠨ ᠨᠠᠮᠤᠭᠤᠬᠠᠨ ᠣᠳᠬᠠᠨ ᠲᠩᠷᠢ-ᠴᠡᠨᠳᠠᠰᠦ᠋ᠷᠦᠩDorniin namuun Otgontenger - Tsendsuren Цэндсүрэн - Дорнын намуухан - Отгонтэнгэр

ᠳᠣᠷᠣᠨ᠎ᠠ ᠶ᠋ᠢᠨ ᠨᠠᠮᠤᠭᠤᠬᠠᠨ ᠣᠳᠬᠠᠨ ᠲᠩᠷᠢ-ᠴᠡᠨᠳᠠᠰᠦ᠋ᠷᠦᠩDorniin namuun Otgontenger - Tsendsuren Цэндсүрэн - Дорнын намуухан - Отгонтэнгэр

ᠠᠩᠭᠢᠯᠠᠯ:ᠳᠠᠭᠤᠤ ᠬᠥᠭᠵᠢᠮ
2025-11-12

202

ᠳᠣᠷᠣᠨ᠎ᠠ ᠶ᠋ᠢᠨ ᠨᠠᠮᠤᠭᠤᠬᠠᠨ ᠣᠳᠬᠠᠨ ᠲᠩᠷᠢ

          
       ᠳᠠᠭᠤᠴᠢᠨ᠄ ᠴᠠᠨᠳᠠᠰᠥ᠋ᠷᠦᠩ 
       ᠠᠶ᠎ᠠ᠄ ᠰ· ᠪᠠᠲᠤᠰᠦ᠋ᠬᠡ 
       ᠦᠭᠡ᠄ ᠴ· ᠪᠠᠪᠤᠤᠳᠣᠷᠵᠢ 

ᠰᠡᠳᠬᠢᠯ ᠦ᠋ᠨ ᠲᠣᠭᠣᠨᠣ ᠪᠠᠷ ᠠᠭᠤᠯᠠ ᠨᠢ ᠭᠡᠷᠡᠯᠲᠦᠨ᠎ᠡ 
ᠰᠡᠮᠡᠭᠡᠷᠬᠡᠨ ᠳᠣᠲᠣᠭᠰᠢ ᠪᠠᠨ ᠨᠢᠯᠪᠤᠰᠤ ᠪᠥᠮᠪᠥᠷᠢᠨ᠎ᠡ 
ᠳᠣᠯᠣᠭᠠᠨ ᠥᠷᠲᠡᠭᠡ ᠡᠴᠡ ᠳᠡᠷᠭᠡᠳᠡ ᠮᠢᠨᠢ ᠵᠦᠮᠪᠦᠷᠢᠯᠡᠭᠰᠡᠨ 
ᠳᠣᠷᠣᠨ᠎ᠠ ᠶ᠋ᠢᠨ ᠨᠠᠮᠤᠭᠤᠬᠠᠨ ᠮᠢᠨᠢ 
ᠬᠠᠩᠭᠠᠢ ᠪᠠᠢᠲᠠᠯ᠎ᠠ ᠪᠠᠨ ᠬᠠᠭᠠᠨ ᠡᠴᠢᠭᠡ ᠰᠢᠭ 
ᠬᠠᠨᠲᠠᠭᠠᠰᠤ ᠬᠦᠷᠮᠡᠨ ᠳ᠋ᠡᠭᠡᠨ ᠪᠠᠭᠲᠠᠭᠠᠵᠤ 
ᠲᠦᠰᠢᠳᠡᠭ ᠳᠡ ᠤᠳᠬᠠᠨ ᠲᠩᠷᠢ ᠮᠢᠨᠢ 

ᠭᠦᠷᠦᠮᠡᠯ ᠰᠣᠷᠣᠨ ᠴᠢᠳᠥᠷ ᠢ᠋ᠶ᠋ᠡᠨ ᠲᠠᠰᠤᠴᠢᠭᠠᠳ  
ᠭᠦᠶᠦᠭᠦᠯ ᠠᠳᠤᠭᠤ ᠴᠦ᠍ ᠨᠤᠲᠤᠭ ᠢ᠋ᠶ᠋ᠠᠨ ᠲᠡᠮᠡᠴᠡᠨ᠎ᠡ
ᠰᠠᠨᠠᠬᠤ ᠶ᠋ᠢᠨ ᠡᠯᠢᠭᠡᠨ ᠳ᠋ᠦ᠍ ᠢᠵᠢᠯᠢᠬᠡᠨ ᠪᠠᠢᠳᠠᠭ
ᠰᠠᠷᠠᠨ ᠤ᠋ ᠳᠥᠯᠭᠡᠬᠡᠨ ᠬᠥᠬᠡ ᠲᠩᠷᠢ ᠮᠢᠨᠢ
ᠲᠩᠷᠢ ᠪᠠᠢᠲᠠᠯ᠎ᠠ ᠪᠠᠨ ᠲᠡᠷᠭᠡᠯ ᠡᠵᠢ ᠰᠢᠭ
ᠲᠡᠷᠯᠢᠭ ᠳᠡᠪᠡᠯ ᠳ᠋ᠡᠭᠡᠨ ᠪᠠᠭᠲᠠᠭᠠᠵᠤ
ᠲᠦᠰᠢᠳᠡᠭ ᠳᠡ ᠬᠥᠬᠡ ᠲᠩᠷᠢ ᠮᠢᠨᠢ

ᠴᠡᠩᠬᠡᠷ ᠽᠠᠨᠪᠤᠯᠢᠩ ᠳ᠋ᠤ᠌ ᠳᠠᠬᠢᠨ ᠮᠠᠨᠳᠤᠯᠠᠮᠠᠷ
ᠴᠡᠴᠡᠭ ᠦ᠋ᠨ ᠬᠢᠨᠢ ᠦᠨᠦᠷ ᠢ᠋ᠶ᠋ᠡᠷ ᠨᠤᠲᠤᠭ ᠢ᠋ᠶ᠋ᠠᠨ ᠲᠡᠮᠡᠴᠡᠨ᠎ᠡ
ᠯᠤᠤ ᠰᠠᠭᠤᠳᠠᠯ ᠲᠠᠢ ᠰᠤᠪᠤᠷᠭ᠎ᠠ ᠠᠭᠤᠯᠠᠨ ᠳ᠋ᠤ᠌   ᠪᠠᠨ 
ᠯᠤᠤᠰ ᠤ᠋ᠨ ᠭᠥᠷᠥᠭᠡᠰᠦ ᠰᠢᠭ ᠴᠠᠬᠢᠯᠠᠨ ᠣᠴᠢᠨ᠎ᠠ ᠪᠢ
ᠳᠡᠯᠡᠬᠡᠢ ᠪᠠᠢᠲᠠᠯ᠎ᠠ ᠪᠠᠨ ᠬᠠᠳᠠᠭ ᠲᠠᠢ ᠰᠦ ᠰᠢᠭ
ᠳᠡᠪᠡᠯ ᠲᠡᠢ ᠬᠥᠮᠦᠨ ᠦ᠌ ᠰᠦᠯᠳᠡ ᠠᠭᠤᠯᠠ ᠠ᠋ ᠰᠦᠯᠳᠡ ᠠᠭᠤᠯᠠ ᠠ᠋
ᠬᠠᠩᠭᠠᠢ ᠪᠠᠢᠲᠠᠯ᠎ᠠ ᠪᠠᠨ ᠬᠠᠭᠠᠨ ᠡᠴᠢᠭᠡ ᠰᠢᠭ
ᠬᠠᠨᠲᠠᠭᠠᠰᠤ ᠬᠦᠷᠮᠡᠨ ᠳ᠋ᠡᠭᠡᠨ ᠪᠠᠭᠲᠠᠭᠠᠵᠤ
ᠲᠦᠰᠢᠳᠡᠭ ᠳᠡ ᠣᠳᠬᠠᠨ ᠲᠩᠷᠢ ᠮᠢᠨᠢ

  ᠦᠰᠦᠭ ᠠᠮᠢᠯᠠᠭᠤᠯᠤᠭᠴᠢ᠄ ᠳᠡᠯᠭᠡᠷᠴᠡᠴᠡᠭ
  ᠦᠰᠦᠭ ᠬᠠᠲᠠᠭᠴᠢ᠄ ᠳᠡᠯᠭᠡᠷᠴᠡᠴᠡᠭ
  ᠬᠢᠨᠠᠭᠴᠢ᠄ ᠣᠶᠤᠨᠴᠡᠴᠡᠭ᠂ ᠣᠳᠬᠣᠨᠴᠡᠴᠡᠭ᠂ ᠣᠳᠬᠠᠨᠰᠣ᠎ᠠ