ᠤᠷᠭᠠᠴᠢᠨ ᠤ᠋ ᠬᠡᠢᠮᠣᠷᠢ -ᠠ᠊᠂ ᠠᠯᠲᠠᠨᠭᠡᠷᠡᠯUurgachny khiimori-A,AltangerelУургачны хийморь-А,Алтангэрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠷᠭᠠᠴᠢᠨ ᠤ᠋ ᠬᠡᠢᠮᠣᠷᠢ -ᠠ᠊᠂ ᠠᠯᠲᠠᠨᠭᠡᠷᠡᠯUurgachny khiimori-A,AltangerelУургачны хийморь-А,Алтангэрэл

ᠤᠷᠭᠠᠴᠢᠨ ᠤ᠋ ᠬᠡᠢᠮᠣᠷᠢ -ᠠ᠊᠂ ᠠᠯᠲᠠᠨᠭᠡᠷᠡᠯUurgachny khiimori-A,AltangerelУургачны хийморь-А,Алтангэрэл

ᠠᠩᠭᠢᠯᠠᠯ:ᠳᠠᠭᠤᠤ ᠬᠥᠭᠵᠢᠮ
2025-11-11

275

ᠤᠷᠭᠠᠴᠢᠨ ᠤ᠋ ᠬᠡᠢᠮᠣᠷᠢ


     ᠦᠭᠡ᠄ ᠭᠠᠩᠵᠤᠯᠠ 
     ᠠᠶ᠎ᠠ᠄ ᠪᠦᠷᠢᠨᠵᠢᠷᠭᠠᠯ 
     ᠳᠠᠭᠤᠴᠢᠨ᠄ ᠠ᠊᠂ ᠠᠯᠲᠠᠨᠭᠡᠷᠡᠯ 

ᠰᠤᠬᠠᠢ ᠨᠣᠮᠣᠨ ᠤᠷᠭ᠎ᠠ ᠨᠢ ᠰᠢᠪᠠᠭᠤ ᠦᠷᠭᠦᠭᠡᠨ ᠨᠠᠬᠢᠯᠵᠠᠭᠠᠳ 
ᠰᠠᠭᠤᠳᠠᠯ ᠬᠠᠲᠠᠭᠤ ᠵᠡᠭᠡᠷᠳᠡ ᠨᠢ ᠬᠠᠢᠴᠢᠨ ᠴᠢᠬᠢ ᠪᠡᠨ ᠰᠣᠯᠪᠢᠭᠠᠳ 
ᠰᠤᠭᠤᠷᠠᠨ ᠴᠠᠬᠢᠯᠬᠤ ᠣᠷᠣᠭ᠎ᠠ ᠨᠢ ᠰᠣᠪᠢᠩ ᠲᠠᠨᠢᠨ ᠰᠣᠷᠲᠣᠯᠵᠠᠭᠠᠳ 
ᠰᠥᠨᠢᠳ ᠦ᠋ᠨ ᠲᠠᠯ᠎ᠠ ᠶ᠋ᠢᠨ ᠠᠳᠤᠭᠤᠳ ᠨᠢ ᠴᠣᠯᠭᠢᠨ ᠵᠡᠭᠡᠷ᠎ᠡ ᠰᠢᠭ ᠬᠤᠢᠯᠠᠷᠠᠨ᠎ᠠ 
ᠳᠠᠭᠤ ᠠᠯᠳᠠᠵᠤ ᠤᠤᠬᠠᠢ ᠬᠠᠰᠬᠢᠷᠴᠤ ᠬᠥᠭᠵᠢᠯᠳᠦᠬᠦ ᠨᠢ 
ᠳᠠᠭᠤᠨ  ᠤ᠋ ᠨᠤᠲᠤᠭ ᠤ᠋ᠨ ᠴᠤᠤᠲᠠᠢ ᠲᠦᠮᠡᠨ ᠦ᠌ ᠪᠠᠶᠠᠰᠬᠤᠯᠠᠩ 
ᠳᠤᠷᠳᠤᠩ ᠲᠡᠷᠯᠢᠭ ᠦ᠋ᠨ ᠬᠣᠷᠮᠣᠢ ᠲᠣᠭᠣᠰᠣᠲᠠᠢ ᠳᠡᠷᠪᠡᠭᠦᠯᠦᠭᠰᠡᠨ 
ᠬᠤᠷᠳᠤᠨ ᠬᠦᠯᠦᠭ ᠦ᠋ᠨ ᠤᠷᠭᠠᠴᠢ ᠡᠵᠡᠨ ᠬᠡᠢᠮᠣᠷᠢ ᠲᠠᠢ

ᠰᠢᠭᠤᠷᠭ᠎ᠠ ᠰᠤᠪᠤᠭᠰᠠᠨ ᠡᠮᠨᠢᠭ ᠦ᠋ᠳ ᠦ᠋ᠨ ᠰᠢᠨᠳᠠᠰᠤ ᠶ᠋ᠢ ᠰᠣᠷᠢᠨ ᠰᠤᠩᠭᠠᠭᠠᠳ
ᠬᠣᠷᠮᠣᠢ ᠳᠡᠪᠢᠰᠦᠨ ᠲᠠᠲᠠᠬᠤ ᠳ᠋ᠤ᠌ ᠲᠩᠷᠢ ᠲᠣᠯᠢᠳᠠᠨ ᠮᠦᠰᠢᠶᠡᠭᠰᠡᠨ
ᠨᠤᠲᠤᠭ ᠤ᠋ᠨ ᠰᠢᠷᠭᠠᠯ ᠲᠣᠭᠣᠰᠣ ᠶ᠋ᠢ ᠠᠭᠤᠯᠠ ᠶ᠋ᠢᠨ ᠳᠡᠭᠡᠲᠡᠢ ᠪᠣᠰᠬᠠᠭᠠᠳ
ᠨᠡᠭᠦᠳᠡᠯᠴᠢ ᠤᠳᠤᠮ ᠤ᠋ᠨ ᠣᠮᠣᠭᠰᠢᠯ ᠤᠷᠭᠠᠴᠢ ᠬᠥᠮᠦᠨ ᠵᠢᠪᠬᠤᠭᠠᠲᠠᠢ
ᠳᠠᠭᠤ ᠠᠯᠳᠠᠵᠤ ᠤᠤᠬᠠᠢ ᠬᠠᠰᠬᠢᠷᠴᠤ ᠬᠥᠭᠵᠢᠯᠳᠦᠬᠦ ᠨᠢ
ᠳᠠᠭᠤᠨ ᠤ᠋ ᠨᠤᠲᠤᠭ ᠤ᠋ᠨ ᠴᠤᠤᠲᠠᠢ ᠲᠦᠮᠡᠨ ᠦ᠌ ᠪᠠᠶᠠᠰᠬᠤᠯᠠᠩ
ᠳᠤᠷᠳᠤᠩ ᠲᠡᠷᠯᠢᠭ ᠦ᠋ᠨ ᠬᠣᠷᠮᠣᠢ ᠲᠣᠭᠣᠰᠣᠲᠠᠢ ᠳᠡᠷᠪᠡᠭᠦᠯᠦᠭᠰᠡᠨ
ᠬᠤᠷᠳᠤᠨ ᠬᠦᠯᠦᠭ ᠦ᠋ᠨ ᠤᠷᠭᠠᠴᠢ ᠡᠵᠡᠨ ᠬᠡᠢᠮᠣᠷᠢ ᠲᠠᠢ

ᠬᠠᠲᠠᠭᠤ ᠰᠣᠷᠣᠨ ᠵᠢᠯᠣᠭᠣ ᠨᠢ ᠠᠮᠠᠭᠠᠢ ᠵᠤᠤᠵᠠᠢ ᠱᠠᠷᠭᠢᠭᠤᠯᠤᠭᠰᠠᠨ
ᠬᠠᠲᠠᠲᠠᠢ ᠲᠤᠯᠤᠭᠠᠳ ᠤ᠋ᠨ ᠣᠷᠣᠢ ᠪᠠᠷ ᠴᠠᠬᠢᠭᠤᠷ ᠰᠢᠳᠡᠯᠡᠨ ᠵᠢᠭᠢᠢᠭᠦᠯᠦᠭᠰᠡᠨ
ᠬᠠᠭᠠᠷᠠᠨ ᠵᠠᠳᠠᠷᠠᠬᠤ ᠠᠳᠤᠭᠤ ᠨᠢ ᠬᠠᠮᠪᠤᠨ ᠲᠠᠯ᠎ᠠ ᠳ᠋ᠤ᠌ ᠪᠠᠨ ᠦᠦᠷᠰᠡᠯᠳᠦᠭᠡᠳ
ᠬᠠᠢᠷᠠᠲᠠᠢ ᠨᠤᠲᠤᠭ ᠤ᠋ᠨ ᠥᠩᠭᠡ ᠨᠢ ᠰᠡᠳᠬᠢᠯ ᠰᠡᠷᠭᠦᠭᠡᠨ ᠤᠨᠢᠶᠠᠷᠲᠤᠨ᠎ᠠ
ᠳᠠᠭᠤ ᠠᠯᠳᠠᠵᠤ ᠤᠤᠬᠠᠢ ᠬᠠᠰᠬᠢᠷᠴᠤ ᠬᠥᠭᠵᠢᠯᠳᠦᠬᠦ ᠨᠢ
ᠳᠠᠭᠤᠨ ᠤ᠋ ᠨᠤᠲᠤᠭ ᠤ᠋ᠨ ᠴᠤᠤᠲᠠᠢ ᠲᠦᠮᠡᠨ ᠦ᠌ ᠪᠠᠶᠠᠰᠬᠤᠯᠠᠩ
ᠳᠤᠷᠳᠤᠩ ᠲᠡᠷᠯᠢᠭ ᠦ᠋ᠨ ᠬᠣᠷᠮᠣᠢ ᠲᠣᠭᠣᠰᠣᠲᠠᠢ ᠳᠡᠷᠪᠡᠭᠦᠯᠦᠭᠰᠡᠨ
ᠬᠤᠷᠳᠤᠨ ᠬᠦᠯᠦᠭ ᠦ᠋ᠨ ᠤᠷᠭᠠᠴᠢ ᠡᠵᠡᠨ ᠬᠡᠢᠮᠣᠷᠢ ᠲᠠᠢ
ᠳᠠᠭᠤ ᠠᠯᠳᠠᠵᠤ ᠤᠤᠬᠠᠢ ᠬᠠᠰᠬᠢᠷᠴᠤ ᠬᠥᠭᠵᠢᠯᠳᠦᠬᠦ ᠨᠢ
ᠳᠠᠭᠤᠨ ᠤ᠋ ᠨᠤᠲᠤᠭ ᠤ᠋ᠨ ᠴᠤᠤᠲᠠᠢ ᠲᠦᠮᠡᠨ ᠦ᠌ ᠪᠠᠶᠠᠰᠬᠤᠯᠠᠩ
ᠳᠤᠷᠳᠤᠩ ᠲᠡᠷᠯᠢᠭ ᠦ᠋ᠨ ᠬᠣᠷᠮᠣᠢ ᠲᠣᠭᠣᠰᠣᠲᠠᠢ ᠳᠡᠷᠪᠡᠭᠦᠯᠦᠭᠰᠡᠨ
ᠬᠤᠷᠳᠤᠨ ᠬᠦᠯᠦᠭ ᠦ᠋ᠨ ᠤᠷᠭᠠᠴᠢ ᠡᠵᠡᠨ ᠬᠡᠢᠮᠣᠷᠢ ᠲᠠᠢ
ᠬᠤᠷᠳᠤᠨ ᠬᠦᠯᠦᠭ ᠦ᠋ᠨ ᠤᠷᠭᠠᠴᠢ ᠡᠵᠡᠨ ᠬᠡᠢᠮᠣᠷᠢ ᠲᠠᠢ

 ᠦᠰᠦᠭ  ᠠᠮᠢᠯᠠᠭᠤᠯᠤᠭᠴᠢ᠄ ᠮᠥᠩᠭᠥᠨ
 ᠦᠰᠦᠭ ᠬᠠᠲᠠᠭᠴᠢ᠄ ᠮᠥᠩᠭᠥᠨ
 ᠬᠢᠨᠠᠭᠴᠢ᠄ ᠣᠳᠬᠠᠨᠰᠣ᠎ᠠ