ᠨᠠᠮᠠᠶ᠋ᠢ ᠦᠨᠦᠰᠦᠭᠡᠴᠢNamaig unseech-MC Collection Намайг үнсээч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠠᠶ᠋ᠢ ᠦᠨᠦᠰᠦᠭᠡᠴᠢNamaig unseech-MC Collection Намайг үнсээч

ᠨᠠᠮᠠᠶ᠋ᠢ ᠦᠨᠦᠰᠦᠭᠡᠴᠢNamaig unseech-MC Collection Намайг үнсээч

ᠠᠩᠭᠢᠯᠠᠯ:ᠳᠠᠭᠤᠤ ᠬᠥᠭᠵᠢᠮ
2025-11-11

220

ᠨᠠᠮᠠᠶ᠋ᠢ ᠦᠨᠦᠰᠦᠭᠡᠴᠢ


     MC Collection 

ᠴᠠᠰᠤᠨ ᠳᠡᠭᠡᠷ᠎ᠡ ᠴᠢ ᠨᠠᠮᠠᠶ᠋ᠢ ᠦᠨᠦᠰᠦᠭᠡᠴᠢ 
ᠴᠠᠭᠠᠬᠠᠨ ᠬᠠᠢᠷ᠎ᠠ ᠮᠢᠨᠢ ᠴᠢ ᠰᠢᠪᠡᠨᠡᠭᠡᠴᠢ 
ᠦᠨᠡᠨᠴᠢ ᠬᠠᠢᠷ᠎ᠠ ᠶ᠋ᠢ ᠴᠢᠩ ᠰᠡᠳᠬᠢᠯ ᠡᠴᠡ ᠪᠡᠨ 
ᠴᠢᠩᠭ᠎ᠠ ᠡᠴᠡ ᠴᠢᠩᠭ᠎ᠠ ᠪᠠᠷ ᠲᠡᠪᠡᠷᠢᠬᠦ ᠳ᠋ᠦ᠍ ᠪᠡᠨ ᠬᠡᠯᠡᠭᠡᠴᠢ 

ᠬᠠᠢᠷᠠᠲᠤ ᠮᠢᠨᠢ ᠴᠢ ᠮᠢᠨᠢ ᠣᠳᠣ ᠰᠡᠷᠡᠳᠡ ᠨᠢᠳᠦ ᠪᠡᠨ ᠨᠡᠭᠡᠭᠡᠭᠡᠳ ᠬᠠᠷᠠᠳᠠ 
ᠠᠩᠬᠠᠨ ᠤ᠋ ᠴᠠᠰᠤ ᠣᠷᠣᠵᠤ ᠪᠠᠢᠨ᠎ᠠ ᠰᠢᠦ ᠭᠠᠳᠠᠭ᠎ᠠ ᠭᠦᠶᠦᠭᠡᠳ ᠭᠠᠷᠤᠳᠠ 
ᠬᠠᠶᠠᠯᠠᠬᠤ ᠴᠠᠰᠤᠨ ᠤ᠋ ᠲᠣᠭᠠᠯᠠᠨ ᠢ᠋ᠶ᠋ᠠᠷ ᠴᠢᠮ᠎ᠠ ᠳ᠋ᠤ᠌ ᠪᠠᠨ ᠬᠠᠢᠷ᠎ᠠ ᠲᠠᠢ ᠪᠠᠨ ᠬᠡᠯᠡᠮᠡᠷ ᠪᠠᠢᠨ᠎ᠠ 
ᠬᠠᠢᠷ᠎ᠠ ᠶ᠋ᠢᠨ ᠢ᠋ᠶ᠋ᠡᠨ ᠴᠢᠬᠢᠨ ᠳ᠋ᠦ᠍ ᠣᠳᠣ ᠰᠢᠪᠡᠨᠡᠶ᠎ᠡ ᠪᠢ ᠴᠢᠮ᠎ᠠ ᠲᠠᠢ ᠪᠠᠨ ᠭᠡᠷᠯᠡᠮᠡᠷ ᠪᠠᠢᠨ᠎ᠠ 
ᠡᠯᠳᠡᠪ ᠶᠠᠩᠵᠤ ᠶ᠋ᠢᠨ ᠬᠥᠮᠦᠰ ᠰᠢᠭ ᠠᠯᠲᠠ ᠮᠥᠩᠭᠥ ᠴᠢᠮ᠎ᠠ ᠳ᠋ᠤ᠌ ᠪᠠᠨ ᠠᠮᠠᠯᠠᠬᠤ ᠦᠭᠡᠢ 
ᠡᠨᠡ ᠬᠣᠷᠸ᠎ᠠ ᠳ᠋ᠤ᠌ ᠬᠠᠮᠲᠤ ᠳ᠋ᠤ᠌ ᠪᠠᠨ ᠪᠠᠢᠪᠠᠯ ᠬᠣᠭᠣᠰᠣᠨ ᠪᠠᠢᠭᠰᠠᠨ ᠴᠤ᠌ ᠴᠢᠮᠠᠯᠠᠬᠤ ᠦᠭᠡᠢ 
ᠪᠢ ᠴᠢᠨᠢ ᠴᠢᠮ᠎ᠠ ᠳ᠋ᠤ᠌ ᠪᠠᠨ ᠦᠷᠭᠦᠯᠵᠢ ᠲᠠᠩᠳᠠ ᠭᠠᠭᠴᠠ ᠯᠠ ᠵᠦᠢᠯ ᠢ᠋ ᠪᠠᠲᠤᠯᠠᠵᠤ ᠴᠢᠳᠠᠨ᠎ᠠ 
ᠪᠢᠳᠡᠨ ᠦ᠌ ᠬᠠᠢᠷ᠎ᠠ ᠪᠦᠬᠦᠨ ᠡᠴᠡ ᠬᠦᠴᠦᠲᠡᠢ ᠬᠥᠯ ᠦᠭᠡᠢ ᠳᠠᠯᠠᠢ ᠶ᠋ᠢ ᠴᠦ᠍ ᠭᠠᠲᠤᠯᠵᠤ ᠴᠢᠳᠠᠨ᠎ᠠ 

ᠡᠨᠡ ᠬᠣᠷᠸ᠎ᠠ ᠳ᠋ᠤ᠌ ᠴᠢᠨᠦ ᠲᠥᠯᠥᠭᠡ ᠲᠥᠷᠥᠭᠰᠡᠨ ᠶᠤᠮ ᠰᠢᠦ
ᠡᠩᠬᠦᠷᠡᠢ ᠴᠢᠮ᠎ᠠ ᠲᠠᠢ ᠪᠠᠢᠬᠤ ᠶ᠋ᠢᠨ ᠲᠤᠯᠠᠳᠠ ᠪᠢ ᠰᠥᠷᠦᠭᠰᠡᠨ ᠶᠤᠮ ᠰᠢᠦ
ᠠᠮᠢᠳᠤᠷᠠᠯ ᠬᠠᠢᠷᠠᠨ ᠳᠡᠭᠡᠷ᠎ᠡ ᠲᠣᠭᠲᠠᠳᠠᠨ᠎ᠠ ᠭᠡᠳᠡᠭ ᠲᠦ᠍ ᠢᠲᠡᠭᠡᠭᠡᠷᠡᠢ
ᠴᠢᠨᠦ ᠪᠡᠨ ᠲᠥᠯᠥᠭᠡ ᠪᠦᠬᠦᠨ ᠢ᠋ ᠬᠢᠨ᠎ᠡ ᠤᠷᠮ᠎ᠠ ᠪᠠᠷ ᠲᠡᠳᠬᠦᠭᠡᠷᠡᠢ

ᠭᠠᠳᠠᠭ᠎ᠠ ᠵᠢᠪᠠᠷ ᠬᠠᠭᠠᠷᠢᠭᠰᠠᠨ ᠴᠤ᠌ ᠬᠠᠢᠷᠠᠨ ᠳ᠋ᠤ᠌ ᠪᠠᠨ ᠪᠢᠳᠡ ᠳᠠᠭᠠᠷᠠᠳᠠᠭ ᠦᠭᠡᠢ
ᠲᠩᠷᠢ ᠳ᠋ᠦ᠍ ᠣᠳᠣᠳ ᠲᠦᠭᠡᠭᠰᠡᠨ ᠴᠦ᠍ ᠭᠡᠷ ᠤᠷᠤᠭᠤ ᠪᠡᠨ ᠪᠢᠳᠡ ᠶᠠᠭᠠᠷᠠᠳᠠᠭ ᠦᠭᠡᠢ
ᠴᠢᠮ᠎ᠠ ᠲᠠᠢ ᠪᠠᠨ ᠪᠠᠢᠬᠤ ᠳ᠋ᠤ᠌ ᠴᠠᠭ ᠬᠠᠷᠪᠤᠭᠰᠠᠨ ᠰᠤᠮᠤ ᠰᠢᠭ᠋ ᠥᠩᠭᠡᠷᠡᠳᠡᠭ ᠶᠤᠮ
ᠬᠠᠢᠷ᠎ᠠ ᠲᠠᠢ ᠪᠠᠨ ᠠᠭᠤᠯᠵᠠᠭᠠᠳ ᠢᠷᠡᠬᠦ ᠳ᠋ᠦ᠍ ᠰᠡᠳᠬᠢᠯ ᠬᠥᠩᠭᠡᠷᠡᠳᠡᠭ ᠶᠤᠮ

ᠴᠠᠰᠤᠨ ᠳᠡᠭᠡᠷ᠎ᠡ ᠴᠢ ᠨᠠᠮᠠᠶ᠋ᠢ ᠦᠨᠦᠰᠦᠭᠡᠴᠢ
ᠴᠠᠭᠠᠬᠠᠨ ᠬᠠᠢᠷ᠎ᠠ ᠮᠢᠨᠢ ᠴᠢ ᠰᠢᠪᠡᠨᠡᠭᠡᠴᠢ
ᠦᠨᠡᠨᠴᠢ ᠬᠠᠢᠷ᠎ᠠ ᠶ᠋ᠢ ᠴᠢᠩ ᠰᠡᠳᠬᠢᠯ ᠡᠴᠡ ᠪᠡᠨ
ᠴᠢᠩᠭ᠎ᠠ ᠡᠴᠡ ᠴᠢᠩᠭ᠎ᠠ ᠪᠠᠷ ᠲᠡᠪᠡᠷᠢᠬᠦ ᠳ᠋ᠦ᠍ ᠪᠡᠨ ᠬᠡᠯᠡᠭᠡᠴᠢ

ᠲᠩᠷᠢ ᠳᠡᠭᠡᠷ᠎ᠡ ᠡᠴᠡ ᠴᠠᠰᠤᠨ ᠰᠢᠷᠬᠡᠭ ᠬᠠᠢᠷ᠎ᠠ ᠪᠠᠨ ᠴᠢᠮ᠎ᠠ ᠳᠡᠭᠡᠷ᠎ᠡ ᠬᠠᠶᠠᠯᠠᠯ᠎ᠠ
ᠳᠠᠰᠤᠯ ᠦᠭᠡᠢ ᠴᠢᠮ᠎ᠠ ᠳ᠋ᠤ᠌ ᠪᠠᠨ ᠪᠢ ᠴᠢᠨᠢ ᠬᠠᠢᠷ᠎ᠠ ᠶ᠋ᠢᠨ ᠳᠠᠭᠤᠤ ᠪᠠᠨ ᠠᠶᠠᠯᠤᠯ᠎ᠠ 
ᠴᠠᠩᠲᠤᠭᠰᠠᠨ ᠴᠣᠩᠬᠣᠨ ᠤ᠋ ᠴᠠᠭᠠᠨ᠎ᠠ ᠴᠢ ᠮᠢᠨᠢ ᠡᠩᠬᠦᠷᠡᠢᠬᠡᠨ ᠪᠦᠰᠡᠭᠦᠢ
ᠴᠢᠷᠠᠢᠯᠢᠭ ᠴᠢᠨᠦ ᠪᠡᠨ ᠵᠢᠷᠦᠬᠡ ᠶ᠋ᠢ ᠬᠡᠵᠢᠶ᠎ᠡ ᠴᠦ᠍ ᠠᠯᠳᠠᠬᠤ ᠶ᠋ᠢ ᠬᠦᠰᠡᠬᠦ ᠦᠭᠡᠢ
ᠶᠠᠭᠠᠬᠢᠭᠰᠠᠨ ᠴᠤ᠌ ᠵᠦᠰᠦᠬᠦ ᠦᠭᠡᠢ ᠮᠢᠨᠦ ᠪᠢᠴᠢᠬᠠᠨ ᠭᠦᠩᠵᠦ ᠮᠢᠨᠢ ᠳᠦᠷᠰᠦ ᠦᠭᠡᠢ
ᠴᠠᠰᠤᠨ ᠳᠤᠮᠳᠠᠭᠤᠷ ᠭᠠᠭᠴᠠᠭᠠᠷ ᠠᠯᠬᠤᠭᠠᠳ ᠴᠠᠭ ᠦᠷᠭᠦᠯᠵᠢ ᠴᠢᠮᠠᠶ᠋ᠢ ᠪᠣᠳᠣᠭᠠᠳ
ᠪᠢ ᠰᠢᠷᠭᠠᠯ ᠵᠢᠷᠭᠠᠬᠤ ᠨᠠᠷᠠ ᠶ᠋ᠢ ᠴᠢᠮ᠎ᠠ ᠲᠠᠢ ᠪᠠᠨ ᠪᠢ ᠵᠦᠢᠷᠯᠡᠳᠡᠭ 
ᠪᠢ ᠲᠡᠷᠭᠡᠯ ᠰᠥᠨᠢ ᠶ᠋ᠢᠨ ᠰᠠᠷᠠ ᠶ᠋ᠢ ᠬᠠᠢᠷ᠎ᠠ ᠲᠠᠢ ᠪᠠᠨ ᠪᠢ ᠦᠭᠡᠢᠯᠡᠳᠡᠭ

ᠬᠠᠷᠠᠩᠭᠤᠢ ᠰᠥᠨᠢ ᠶ᠋ᠢᠨ ᠣᠳᠣᠳ ᠲᠦᠭᠡᠵᠦ ᠬᠠᠢᠷ᠎ᠠ ᠪᠠᠨ ᠳᠡᠭᠡᠭᠰᠢ ᠪᠡᠨ ᠬᠠᠷᠠᠯᠳᠠ
ᠮᠥᠷᠥᠭᠡᠳᠦᠯ ᠪᠡᠶᠡᠯᠡᠳᠡᠭ ᠶᠤᠮ ᠪᠢᠳᠡ ᠦᠷᠭᠦᠯᠵᠢ ᠬᠠᠮᠲᠤ ᠯᠠ ᠳᠠ
ᠬᠦᠰᠡᠯ ᠢ᠋ᠶ᠋ᠡᠨ ᠰᠢᠪᠡᠨᠡᠬᠦ ᠲᠡᠷᠡᠬᠡᠨ ᠭᠱᠠᠨ ᠳ᠋ᠤ᠌ ᠪᠢ ᠴᠢᠮᠠᠶ᠋ᠢ ᠦᠨᠦᠰᠦᠭᠡᠳ ᠯᠡ
ᠬᠥᠩᠭᠡᠨ ᠴᠠᠭᠠᠨ ᠴᠠᠰᠤᠨ ᠳᠡᠭᠡᠷ᠎ᠡ ᠵᠢᠷᠦᠬᠡ ᠵᠢᠷᠦᠬᠡ ᠪᠡᠨ ᠬᠦᠰᠡᠭᠡᠳ ᠯᠡ
ᠵᠢᠪᠠᠷ ᠬᠠᠭᠠᠷᠢᠭᠰᠠᠨ ᠴᠤ᠌ ᠢᠯᠴᠢ ᠪᠡᠷ ᠢ᠋ᠶ᠋ᠡᠨ ᠴᠢ ᠵᠢᠷᠭᠠᠯ ᠳᠦᠭᠦᠷᠡᠩ ᠬᠠᠷᠠᠴᠠ ᠪᠠᠷ ᠢ᠋ᠶ᠋ᠠᠨ ᠴᠢ
ᠬᠠᠢᠷ᠎ᠠ ᠶ᠋ᠢᠨ ᠬᠦᠴᠦ ᠪᠡᠷ ᠢ᠋ᠶ᠋ᠡᠨ ᠴᠢ ᠬᠠᠢᠷ᠎ᠠ ᠪᠠᠨ ᠲᠡᠪᠡᠷᠢᠵᠦ ᠦᠨᠦᠰᠦᠭᠡᠷᠡᠢ ᠴᠢ
ᠴᠠᠰᠤᠨ ᠡᠴᠡ ᠥᠨᠳᠡᠢᠬᠦ ᠶᠠᠭᠠᠨ ᠰᠠᠷᠠᠨ ᠢ᠋ ᠴᠢᠮ᠎ᠠ ᠳ᠋ᠤ᠌ ᠪᠠᠨ ᠪᠢ ᠵᠣᠷᠢᠭᠤᠯᠵᠤ ᠪᠠᠷᠢᠶ᠎ᠠ
ᠴᠠᠢᠷᠠᠢᠯᠠᠭ ᠴᠢᠨᠦ ᠵᠢᠷᠦᠬᠡᠨ ᠳ᠋ᠦ᠍ ᠬᠠᠢᠷ᠎ᠠ ᠶ᠋ᠢᠨ ᠦᠷ᠎ᠡ ᠶ᠋ᠢ ᠲᠠᠷᠢᠶ᠎ᠠ

ᠴᠠᠰᠤᠨ ᠳᠡᠭᠡᠷ᠎ᠡ ᠴᠢ ᠨᠠᠮᠠᠶ᠋ᠢ ᠦᠨᠦᠰᠦᠭᠡᠴᠢ
ᠴᠠᠭᠠᠬᠠᠨ ᠬᠠᠢᠷ᠎ᠠ ᠮᠢᠨᠢ ᠴᠢ ᠰᠢᠪᠡᠨᠡᠭᠡᠴᠢ
ᠦᠨᠡᠨᠴᠢ ᠬᠠᠢᠷ᠎ᠠ ᠶ᠋ᠢ ᠴᠢᠩ ᠰᠡᠳᠬᠢᠯ ᠡᠴᠡ ᠪᠡᠨ
ᠴᠢᠩᠭ᠎ᠠ ᠡᠴᠡ ᠴᠢᠩᠭ᠎ᠠ ᠪᠠᠷ ᠲᠡᠪᠡᠷᠢᠬᠦ ᠳ᠋ᠦ᠍ ᠪᠡᠨ ᠬᠡᠯᠡᠭᠡᠴᠢ

Намайг үнсээч
MC Collection

Цасан дээр чи намайг үнсээч
Цагаахан хайр минь чи шивнээч
Үнэнч хайрыг чин сэтгэлээсээ
Чангаас чангаар тэврэхдээ хэлээч

Хайрт минь чи минь одоо сэрдээ нүдээ нээгээд хардаа
Анхны цас орж байна шүү гадаа гүйгээд гардаа
Хаялах цасны тоолонгоор чамдаа хайртайгаа хэлмээр байна
Хайрынхаа чихэнд одоо шивнэе би чамтайгаа гэрэлмээр байна
Элдэв янзын хүмүүс шиг алт мөнгө чамдаа амлахгүй
Энэ хорвоод хамтдаа байвал хоосон байсан ч чамлахгүй
Би чинь чамдаа үргэлж дандаа ганц л зүйлийг батлаж чадна
Бидний хайр бүхнээс хүчтэй хөлгүй далайг ч гаталж чадна

Энэ хорвоод чиний төлөө төрсөн юм шүү
Энхрий чамтай байхын тулд би сөрсөн юм шүү
Амьдрал хайран дээр тогтдоно гэдэгт итгээрэй
Чинийхээ төлөө бүхнийг хийнэ урмаар тэтгээрэй

Гадаа жавар хайрсан ч хайрандаа бид даардаггүй
Тэнгэрт одод түгсэн ч гэр лүүгээ бид яардаггүй
Чамтайгаа байхад цаг харвасан сум шиг өнгөрдөг юм
Хайртайгаа уулзаад ирэхэд сэтгэл хөнгөрдөг юм

Цасан дээр чи намайг үнсээч
Цагаахан хайр минь чи шивнээч
Үнэнч хайрыг чин сэтгэлээсээ
Чангаас чангаар тэврэхдээ хэлээч

Тэнгэр дээрээс цасан ширхэг хайраа чам дээр хаяллаа
Тэсэлгүй чамдаа би чинь хайрын дуугаа аяллаа
Цантсан цонхны цаана чи минь энхрийхэн бүсгүй
Царайлаг чинийхээ зүрхийг хэзээ ч алдахыг хүсэхгүй
Яасан ч зүсэхгүй миний бяцхан гүнж минь дүрсгүй
Цасан дундуур ганцаар алхаад цаг үргэлж чамайг бодоод
Би шаргал жаргах нарыг чамтайгаа би зүйрэлдэг
Би тэргэл шөнийн сарыг хайртайгаа би үгүйлдэг

Харанхуй шөнийн одод түгэж хайраа дээшээ харалдаа
Мөрөөдөл биелдэг юм бид үргэлж хамт л даа
Хүслээ шивнэх тэрхэн агшинд би чамайг үнсээд л
Хөнгөн цагаан цасан дээр зүрх зүрхээ хүсээд л
Жавар хайрсан ч илчээрээ чи жаргал дүүрэн харцаараа чи
Хайрын хүчээрээ чи хайраа тэвэрч үнсээрэй чи
Цаснаас өндийх яагаан сарнайг чамдаа би зориулж барья
Цайрайлаг чиний зүрхэнд хайрын үрийг тарья

Цасан дээр чи намайг үнсээч
Цагаахан хайр минь чи шивнээч
Үнэнч хайрыг чин сэтгэлээсээ
Чангаас чангаар тэврэхдээ хэлээч