ᠨᠤᠲᠤᠭ- ᠲᠦᠮᠡᠨ Nutag-TümenНутаг-Түмэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ- ᠲᠦᠮᠡᠨ Nutag-TümenНутаг-Түмэн

ᠨᠤᠲᠤᠭ- ᠲᠦᠮᠡᠨ Nutag-TümenНутаг-Түмэн

ᠠᠩᠭᠢᠯᠠᠯ:ᠳᠠᠭᠤᠤ ᠬᠥᠭᠵᠢᠮ
2025-11-09

248

ᠨᠤᠲᠤᠭ


   ᠦᠭᠡ ᠠᠶ᠎ᠠ᠄ ᠣᠳᠬᠠᠨᠭᠡᠷᠡᠯ 
   ᠳᠠᠭᠤᠴᠢᠨ᠄ ᠲᠦᠮᠡᠨ 

ᠠᠯᠤᠰ ᠲᠤ᠌ ᠴᠡᠩᠬᠡᠷᠯᠡᠬᠦ ᠲᠩᠷᠢ ᠶ᠋ᠢᠨ ᠬᠠᠶᠠᠭᠠᠨ ᠳ᠋ᠤ᠌ ᠭᠡᠷ ᠮᠢᠨᠢ ᠪᠠᠢᠳᠠᠭ ᠰᠠᠨ 
ᠠᠳᠤᠭᠤ ᠮᠠᠯ ᠳᠠᠷᠬᠠᠨ ᠪᠡᠯᠴᠢᠭᠰᠡᠨ ᠳᠡᠯᠭᠡᠷ ᠨᠤᠲᠤᠭ ᠲᠠᠢ 
ᠠᠷᠭᠠᠯ ᠤ᠋ᠨ ᠴᠡᠩᠬᠡᠷ ᠤᠲᠤᠭ᠎ᠠ ᠰᠤᠭᠤᠨᠠᠭᠯᠠᠭᠰᠠᠨ ᠳᠤᠯᠠᠭᠠᠨ ᠥᠷᠭᠥᠭᠡ ᠲᠡᠢ 
ᠠᠭᠠᠷᠤᠤᠯ ᠰᠡᠪᠡᠷᠡᠭᠡᠵᠦ ᠠᠢᠷᠠᠭ ᠰᠡᠩᠭᠢᠨᠡᠭᠰᠡᠨ ᠲᠠᠩᠰᠤᠭ ᠠᠮᠢᠳᠤᠷᠠᠯ ᠲᠠᠢ 
ᠬᠠᠢ᠂ ᠬᠠᠢ᠁
ᠬᠠᠢᠷ᠎ᠠ ᠰᠢᠩᠭᠡᠭᠰᠡᠨ ᠮᠣᠩᠭᠣᠯ ᠨᠤᠲᠤᠭ ᠮᠢᠨᠢ 
ᠬᠠᠢ᠁ ᠨᠤᠲᠤᠭ ᠮᠢᠨᠢ ᠬᠠᠢᠯᠬᠤ ᠵᠢᠷᠦᠬᠡᠨ ᠦ᠌ ᠤᠶᠠᠩᠭ᠎ᠠ ᠪᠢᠯᠡ ᠬᠦ

ᠠᠭᠢᠲᠤ ᠶ᠋ᠢᠨ ᠰᠢᠯᠢ ᠪᠡᠷ ᠠᠳᠤᠭᠤ ᠪᠠᠨ ᠬᠠᠷᠢᠭᠤᠯᠤᠭᠰᠠᠨ ᠠᠪᠤ ᠶ᠋ᠢᠨ ᠪᠠᠷ᠎ᠠ ᠲᠠᠢ
ᠰᠦᠮᠡᠢᠬᠦ ᠵᠡᠷᠭᠡᠯᠭᠡᠨ ᠳ᠋ᠦ᠍ ᠰᠦᠷᠦᠭ ᠢ᠋ᠶ᠋ᠡᠨ ᠪᠠᠷᠠᠭᠠᠯᠠᠭᠰᠠᠨ ᠡᠵᠢ ᠶ᠋ᠢᠨ ᠰᠠᠷᠠᠪᠴᠢᠯᠠᠭ᠎ᠠ ᠲᠠᠢ
ᠲᠤᠭᠤᠯ ᠢ᠋ᠶ᠋ᠠᠨ ᠳᠠᠭᠠᠭᠠᠳ ᠲᠣᠭᠯᠠᠨ ᠨᠠᠭᠠᠳᠤᠭᠰᠠᠨ ᠬᠡᠦᠬᠡᠳ ᠦ᠋ᠨ ᠪᠠᠶᠠᠰᠤᠯ ᠲᠠᠢ
ᠬᠣᠢᠮᠣᠷ ᠲᠤ᠌ ᠵᠠᠪᠢᠯᠠᠨ ᠬᠤᠭᠤᠷ ᠢ᠋ᠶ᠋ᠠᠨ ᠬᠥᠭᠯᠡᠭᠰᠡᠨ ᠡᠪᠦᠭᠡᠳ ᠦ᠋ᠨ ᠮᠠᠭᠲᠠᠭᠠᠯ ᠲᠠᠢ
( ᠳᠠᠬᠢᠯᠲᠠ)

 ᠠᠶᠠᠰ ᠠᠶᠠᠰᠬᠠᠨ ᠲᠠᠯ᠎ᠠ ᠶ᠋ᠢᠨ ᠰᠠᠯᠬᠢᠨ ᠨᠢ ᠰᠦᠨ ᠦ᠌ ᠦᠨᠦᠷ ᠲᠡᠢ
ᠠᠶᠠᠷᠯᠠᠨ ᠤᠷᠤᠰᠬᠤ ᠮᠥᠩᠭᠥᠨ ᠭᠣᠣᠯ ᠨᠢ ᠶᠠᠲᠤᠭ᠎ᠠ ᠶ᠋ᠢᠨ ᠠᠶᠠᠯᠭᠤ ᠲᠠᠢ
ᠠᠶᠠᠨ ᠤ᠋ ᠰᠢᠪᠠᠭᠤᠳ ᠬᠣᠷᠭᠣᠳᠠᠨ ᠢᠷᠡᠳᠡᠭ ᠠᠮᠤᠭᠤᠯᠠᠩ ᠨᠠᠭᠤᠷ ᠲᠠᠢ
ᠠᠷᠠᠳ ᠤ᠋ᠨ ᠳᠠᠭᠤᠤ ᠪᠠᠨ ᠬᠠᠩᠭᠢᠨᠠᠭᠤᠯᠤᠨ   ᠳᠠᠭᠤᠯᠠᠬᠤ ᠮᠠᠯᠴᠢᠨ ᠲᠦᠮᠡᠨ ᠲᠡᠢ
( ᠳᠠᠬᠢᠯᠲᠠ)

   ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ