ᠨᠠᠳᠠᠳᠤ ᠢᠲᠡᠭᠡ -ᠤᠷᠠᠨᠵᠠᠶᠠᠭ᠎ᠠNadad itge-UranzayaНадад итгэ-Уранзаяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠳᠠᠳᠤ ᠢᠲᠡᠭᠡ -ᠤᠷᠠᠨᠵᠠᠶᠠᠭ᠎ᠠNadad itge-UranzayaНадад итгэ-Уранзаяа

ᠨᠠᠳᠠᠳᠤ ᠢᠲᠡᠭᠡ -ᠤᠷᠠᠨᠵᠠᠶᠠᠭ᠎ᠠNadad itge-UranzayaНадад итгэ-Уранзаяа

ᠠᠩᠭᠢᠯᠠᠯ:ᠳᠠᠭᠤᠤ ᠬᠥᠭᠵᠢᠮ
2025-11-08

1363

ᠨᠠᠳᠠᠳᠤ ᠢᠲᠡᠭᠡ

       ᠦᠭᠡ᠄ ᠴ· ᠴᠢᠩᠨᠠᠭᠠᠳᠣᠷᠵᠢ 
       ᠠᠶ᠎ᠠ᠄ ᠮ· ᠠᠷᠢᠭᠤᠨᠲᠤᠯᠭ᠎ᠠ 
       ᠳᠠᠭᠤᠴᠢᠨ᠄ ᠪ᠊· ᠤᠷᠠᠨᠵᠠᠶᠠᠭ᠎ᠠ 

ᠬᠠᠢᠷ᠎ᠠ ᠶ᠋ᠢᠨ ᠰᠣᠪᠢᠩ ᠰᠡᠳᠬᠢᠯ ᠳ᠋ᠦ᠍ ᠬᠡᠷᠡᠯᠳᠦᠭᠡᠳ 
ᠬᠠᠯᠠᠭᠤᠨ ᠵᠢᠷᠦᠬᠡ ᠮᠢᠨᠢ ᠳᠣᠭᠳᠣᠯᠤᠭᠰᠠᠨ ᠯᠠ ᠪᠠᠢᠨ᠎ᠠ 
ᠶᠠᠮᠠᠷᠬᠠᠨ ᠳᠤᠷᠠᠯᠠᠯ ᠢ᠋ ᠨᠠᠳᠠ ᠳ᠋ᠠᠭᠠᠨ ᠦᠭᠭᠦᠭᠰᠡᠨ 
ᠢᠯᠳᠠᠮ ᠰᠠᠢᠬᠠᠨ ᠠᠮᠠᠷᠠᠭ ᠪᠣᠢ ᠴᠢ 

ᠠᠳᠬᠤᠭᠰᠠᠨ ᠭᠠᠷ ᠢ᠋ᠶ᠋ᠠᠨ ᠬᠡᠵᠢᠶ᠎ᠡ ᠴᠦ᠍ ᠲᠠᠯᠪᠢᠬᠤ ᠦᠭᠡᠢ 
ᠠᠯᠠᠭ ᠵᠢᠷᠦᠬᠡᠨ ᠳ᠋ᠡᠭᠡᠨ ᠬᠠᠢᠷᠠᠯᠠᠨ᠎ᠠ ᠴᠢᠮ᠎ᠠ ᠪᠠᠨ 
ᠰᠡᠳᠬᠢᠯ ᠳ᠋ᠦ᠍ ᠳᠣᠲᠣᠨᠣ ᠰᠠᠢᠬᠠᠨ ᠳᠦᠷᠢ ᠶ᠋ᠢ ᠴᠢᠨᠢ 
ᠰᠡᠮᠬᠡᠨ ᠬᠠᠷᠠᠮᠨᠠᠵᠤ ᠳᠤᠷᠠᠯᠠᠨ᠎ᠠ ᠪᠢ ᠴᠢᠮ᠎ᠠ ᠳ᠋ᠠᠭᠠᠨ

ᠬᠠᠢᠷ᠎ᠠ ᠶ᠋ᠢᠨ ᠳᠠᠭᠤᠤ ᠶ᠋ᠢ ᠵᠦᠩ ᠢ᠋ᠶ᠋ᠡᠷ ᠳᠠᠭᠤᠯᠠᠭᠠᠳ
ᠤᠶᠠᠬᠠᠨ ᠰᠡᠳᠬᠢᠯ ᠮᠢᠨᠢ ᠭᠡᠬᠢᠯᠵᠡᠭᠡᠳ ᠪᠠᠢᠨ᠎ᠠ
ᠶᠠᠭᠠᠷᠠᠭᠠᠳ ᠪᠠᠢᠮᠠᠷ ᠪᠣᠯᠵᠣᠭᠠᠨ ᠳ᠋ᠤ᠌ ᠤᠷᠢᠭᠰᠠᠨ
ᠶᠠᠭᠠᠬᠢᠭᠰᠠᠨ ᠭᠡᠭᠡᠨ ᠠᠮᠠᠷᠠᠭ ᠪᠣᠢ ᠴᠢ
     ( ᠳᠠᠬᠢᠯᠲᠠ)

ᠬᠠᠢᠷ᠎ᠠ ᠶ᠋ᠢᠨ ᠲᠡᠦᠬᠡ ᠪᠡᠨ ᠬᠠᠮᠲᠤ ᠳ᠋ᠠᠭᠠᠨ ᠰᠢᠪᠡᠨᠡᠯᠳᠦᠭᠡᠳ
ᠬᠠᠯᠠᠭᠤᠨ ᠮᠥᠷᠥ ᠶ᠋ᠢ ᠴᠢᠨᠢ ᠳᠡᠷᠡᠯᠡᠮᠡᠷ ᠪᠠᠢᠨ᠎ᠠ
ᠰᠣᠷᠮᠤᠤᠰᠤ ᠨᠣᠷᠭᠠᠭᠰᠠᠨ ᠰᠤᠪᠤᠳᠤᠨ ᠨᠢᠯᠪᠤᠰᠤ ᠶ᠋ᠢ
ᠰᠣᠯᠣᠩᠭ᠎ᠠ ᠪᠠᠷ ᠠᠷᠴᠢᠭᠠᠴᠢ ᠠᠮᠠᠷᠠᠭ ᠮᠢᠨᠢ ᠴᠢ
      ( ᠳᠠᠬᠢᠯᠲᠠ)   ( ᠳᠠᠬᠢᠯᠲᠠ)

     ᠦᠰᠦᠭ ᠠᠮᠢᠯᠠᠭᠤᠯᠤᠭᠴᠢ᠄ ᠠᠯᠲᠠᠨᠴᠢᠮᠡᠭ
     ᠦᠰᠦᠭ ᠬᠠᠲᠠᠭᠴᠢ᠄ ᠠᠯᠲᠠᠨᠴᠢᠮᠡᠭ