ᠮᠣᠩᠭᠣᠯ ᠮᠣᠷᠢᠨ ᠤ᠋ ᠵᠣᠷᠢᠭ -ᠤᠶᠠᠨ ᠵᠢᠷᠭᠢᠭᠡ ᠬᠠᠮᠲᠤᠯᠢᠭ Mongol morny zorig-Uyan jirgee KhamtlagМонгол морны зориг-Уян жиргээ Хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠮᠣᠷᠢᠨ ᠤ᠋ ᠵᠣᠷᠢᠭ -ᠤᠶᠠᠨ ᠵᠢᠷᠭᠢᠭᠡ ᠬᠠᠮᠲᠤᠯᠢᠭ Mongol morny zorig-Uyan jirgee KhamtlagМонгол морны зориг-Уян жиргээ Хамтлаг

ᠮᠣᠩᠭᠣᠯ ᠮᠣᠷᠢᠨ ᠤ᠋ ᠵᠣᠷᠢᠭ -ᠤᠶᠠᠨ ᠵᠢᠷᠭᠢᠭᠡ ᠬᠠᠮᠲᠤᠯᠢᠭ Mongol morny zorig-Uyan jirgee KhamtlagМонгол морны зориг-Уян жиргээ Хамтлаг

ᠠᠩᠭᠢᠯᠠᠯ:ᠳᠠᠭᠤᠤ ᠬᠥᠭᠵᠢᠮ
2025-11-07

1589

ᠮᠣᠩᠭᠣᠯ ᠮᠣᠷᠢᠨ ᠤ᠋ ᠵᠣᠷᠢᠭ


         ᠦᠭᠡ᠂ ᠠᠶ᠎ᠠ᠄ ᠢᠪᠡᠭᠡᠯ 
         — ᠤᠶᠠᠨ ᠵᠢᠷᠭᠢᠭᠡ ᠬᠠᠮᠲᠤᠯᠢᠭ 

ᠬᠤᠷᠳᠤ ᠶ᠋ᠢ ᠨᠢ ᠮᠠᠭᠲᠠᠨ ᠳᠠᠭᠤᠯᠠᠶ᠎ᠠ 
ᠡᠷᠴᠢ ᠶ᠋ᠢ ᠮᠠᠭᠲᠠᠨ ᠪᠢ ᠳᠠᠭᠤᠯᠠᠶ᠎ᠠ 
ᠮᠣᠩᠭᠣᠯ ᠮᠣᠷᠢ ᠶ᠋ᠢ ᠪᠡᠨ 
ᠮᠠᠭᠲᠠᠨ ᠰᠠᠢᠰᠢᠶᠠᠨ ᠪᠢ ᠳᠠᠭᠤᠯᠠᠶ᠎ᠠ 
ᠵᠣᠷᠢᠭ ᠢ᠋ ᠮᠠᠭᠲᠠᠨ ᠪᠢ ᠳᠠᠭᠤᠯᠠᠶ᠎ᠠ 
ᠰᠥᠰᠥ ᠶ᠋ᠢ ᠮᠠᠭᠲᠠᠨ ᠪᠢ ᠳᠠᠭᠤᠯᠠᠶ᠎ᠠ 
ᠮᠣᠩᠭᠣᠯ ᠮᠣᠷᠢ ᠶ᠋ᠢ ᠪᠡᠨ 
ᠮᠠᠭᠲᠠᠨ ᠰᠠᠢᠰᠢᠶᠠᠨ ᠪᠢ ᠳᠠᠭᠤᠯᠠᠶ᠎ᠠ 
ᠮᠣᠷᠢ ᠮᠢᠨᠢ᠁

ᠰᠦ᠋ ᠲᠡᠢ ᠨᠤᠲᠤᠭ ᠤ᠋ᠨ ᠰᠦᠯᠳᠡ ᠨᠢ
ᠰᠢᠨᠳᠠᠰᠤᠲᠤ ᠬᠦᠯᠦᠭ ᠦ᠋ᠨ ᠤᠨᠠᠭ᠎ᠠ
ᠰᠤᠤᠲᠤ ᠤᠬᠠᠭᠠᠨ ᠲᠠᠢ ᠦᠷᠡᠰ ᠦ᠋ᠨ
ᠰᠦᠰᠦᠭᠯᠡᠵᠦ ᠪᠢᠰᠢᠷᠡᠳᠡᠭ ᠬᠦᠯᠦᠭ ᠮᠢᠨᠢ ᠳ᠋ᠠ ᠠ᠋ ᠬᠦ᠋
ᠮᠣᠷᠢ ᠮᠢᠨᠢ᠁

ᠡᠵᠡᠨ ᠢ᠋ ᠨᠢ ᠮᠠᠭᠲᠠᠨ ᠪᠢ ᠳᠠᠭᠤᠯᠠᠶ᠎ᠠ
ᠡᠷᠬᠢᠮ ᠢ᠋ ᠨᠢ ᠮᠠᠭᠲᠠᠨ ᠪᠢ ᠳᠠᠭᠤᠯᠠᠶ᠎ᠠ
ᠮᠣᠩᠭᠣᠯ ᠮᠣᠷᠢ ᠶ᠋ᠢ ᠪᠡᠨ
ᠮᠠᠭᠲᠠᠨ ᠰᠠᠢᠰᠢᠶᠠᠨ ᠪᠢ ᠳᠠᠭᠤᠯᠠᠶ᠎ᠠ
ᠤᠳᠤᠮ ᠢ᠋ ᠮᠠᠭᠲᠠᠨ ᠪᠢ ᠳᠠᠭᠤᠯᠠᠶ᠎ᠠ
ᠤᠨᠠᠭ᠎ᠠ ᠶ᠋ᠢ ᠨᠢ ᠮᠠᠭᠲᠠᠨ ᠪᠢ ᠳᠠᠭᠤᠯᠠᠶ᠎ᠠ
ᠮᠣᠩᠭᠣᠯ ᠮᠣᠷᠢ ᠶ᠋ᠢ ᠪᠡᠨ
ᠮᠠᠭᠲᠠᠨ ᠰᠠᠢᠰᠢᠶᠠᠨ ᠪᠢ ᠳᠠᠭᠤᠯᠠᠶ᠎ᠠ
ᠮᠣᠷᠢ ᠮᠢᠨᠢ᠁
      ( ᠳᠠᠬᠢᠯᠲᠠ)

  ᠦᠰᠦᠭ ᠠᠮᠢᠯᠠᠭᠤᠯᠤᠭᠴᠢ᠄ ᠠᠯᠲᠠᠨᠴᠢᠮᠡᠭ
  ᠦᠰᠦᠭ ᠬᠠᠲᠠᠭᠴᠢ᠄ ᠠᠯᠲᠠᠨᠴᠢᠮᠡᠭ