ᠬᠠᠢᠷᠠᠲᠠᠢ ᠪᠦᠰᠡᠭᠦᠢ ᠶ᠋ᠢᠨ ᠠᠮᠠᠷᠠᠭ ᠳᠦᠷᠢ- ᠪᠠᠶᠠᠰᠬᠤᠯᠠᠩKhairtai büsgüin amrag dür-BayasgalanХайртай бүсгүйн амраг дүр-Баясгалан
ᠬᠠᠢᠷᠠᠲᠠᠢ ᠪᠦᠰᠡᠭᠦᠢ ᠶ᠋ᠢᠨ ᠠᠮᠠᠷᠠᠭ ᠳᠦᠷᠢ
ᠦᠭᠡ᠄ ᠰᠠᠢᠨᠳᠡᠯᠭᠡᠷ
ᠠᠶᠠᠯᠭᠤ᠄ ᠢᠦᠢ ᠮᠧᠢ
ᠳᠠᠭᠤᠴᠢᠨ᠄ ᠪᠠᠶᠠᠰᠬᠤᠯᠠᠩ
ᠬᠣᠷᠸ᠎ᠠ ᠶ᠋ᠢᠨ ᠵᠢᠮ᠎ᠡ ᠪᠡᠷ ᠭᠠᠷ ᠢ᠋ᠶ᠋ᠠᠨ ᠬᠣᠯᠪᠣᠭᠠᠳ
ᠬᠣᠣᠰᠯᠠᠬᠤ ᠶ᠋ᠢᠨ ᠵᠢᠷᠭᠠᠯ ᠳ᠋ᠤ᠌ ᠢᠷᠦᠭᠡᠯ ᠲᠠᠪᠢᠯᠠᠩ ᠲᠠᠢ
ᠬᠠᠢᠷᠠᠲᠠᠢ ᠦᠷ᠎ᠡ ᠳ᠋ᠦ᠍ ᠪᠡᠨ ᠲᠦᠰᠢᠭ ᠨᠢ ᠪᠣᠯᠤᠭᠰᠠᠨ
ᠭᠡᠨᠡᠨ ᠴᠠᠢᠯᠭᠠᠨ ᠪᠦᠰᠡᠭᠦᠢ ᠮᠢᠨᠦ ᠳᠡ
ᠬᠣᠪᠳᠣᠯ ᠵᠢᠷᠦᠬᠡᠨ ᠳ᠋ᠦ᠍ ᠮᠢᠨᠢ ᠬᠣᠨᠣᠭᠰᠢᠭᠠᠳ ᠪᠠᠢᠳᠠᠭ
ᠬᠠᠨᠢ ᠶ᠋ᠢᠨ ᠵᠠᠶᠠᠭᠠᠨ ᠤ᠋ ᠮᠢᠨᠢ ᠵᠥᠭᠡᠯᠡᠨ ᠢᠨᠢᠶᠡᠯ᠎ᠡ
ᠬᠠᠮᠤᠭ ᠬᠦᠰᠡᠯ ᠢ᠋ ᠡᠵᠡᠮᠳᠡᠭᠡᠳ ᠪᠠᠢᠳᠠᠭ ᠨᠢ
ᠬᠠᠢᠷᠠᠲᠠᠢ ᠪᠦᠰᠡᠭᠦᠢ ᠶ᠋ᠢᠨ ᠠᠮᠠᠷᠠᠭ ᠳᠦᠷᠢ ᠠ᠋
ᠠᠩᠭᠢᠷ ᠰᠢᠷᠭᠠᠯ ᠴᠠᠢ ᠪᠠᠨ ᠰᠠᠮᠤᠷᠬᠤ ᠳ᠋ᠤ᠌ ᠪᠠᠨ
ᠡᠩᠬᠡ ᠶ᠋ᠢᠨ ᠵᠦᠩ ᠲᠡᠢ ᠰᠠᠴᠤᠯᠢ ᠪᠠᠨ ᠡᠷᠭᠦᠳᠡᠭ
ᠥᠷᠥᠪᠴᠢᠬᠡᠨ ᠰᠡᠳᠬᠢᠯ ᠳ᠋ᠦ᠍ ᠮᠢᠨᠢ ᠢᠲᠡᠭᠡᠯ ᠪᠣᠯᠤᠭᠰᠠᠨ
ᠦᠵᠡᠰᠬᠦᠯᠡᠩ ᠭᠤᠸ᠎ᠠ ᠪᠦᠰᠡᠭᠦᠢ ᠮᠢᠨᠦ ᠳᠡ
(ᠳᠠᠬᠢᠯᠲᠠ)
ᠰᠠᠭᠠᠯᠢ ᠶ᠋ᠢᠨ ᠵᠠᠯᠠᠨ ᠳ᠋ᠤ᠌ ᠭᠤᠩᠬᠠᠵᠤ ᠶᠠᠪᠤᠭᠰᠠᠨ
ᠰᠠᠢᠬᠠᠨ ᠴᠢᠮ᠎ᠠ ᠶ᠋ᠢ ᠪᠡᠨ ᠳᠠᠭᠤᠯᠠᠵᠤ ᠶᠠᠪᠤᠨ᠎ᠠ
ᠰᠠᠨᠠᠯ ᠬᠠᠢᠷ᠎ᠠ ᠶ᠋ᠢᠨ ᠡᠵᠡᠨ ᠪᠣᠯᠤᠭᠰᠠᠨ
ᠰᠠᠷᠠᠨ ᠭᠤᠸ᠎ᠠ ᠪᠦᠰᠡᠭᠦᠢ ᠮᠢᠨᠦ ᠳᠡ
(ᠳᠠᠬᠢᠯᠲᠠ)
ᠦᠰᠦᠭ ᠠᠮᠢᠯᠠᠭᠤᠯᠤᠭᠰᠠᠨ ᠨᠢ᠄ ᠰᠠᠢᠨᠳᠡᠯᠭᠡᠷ
ᠦᠰᠦᠭ ᠬᠠᠳᠠᠭᠴᠢ᠄ ᠰᠠᠢᠨᠳᠡᠯᠭᠡᠷ
ᠬᠢᠨᠠᠭᠴᠢ ᠪᠠᠭᠰᠢ᠄ ᠨᠤᠮᠤᠴᠢᠨ ᠪᠢᠯᠢᠭ᠂ ᠰᠡᠴᠡᠩᠭᠡᠷᠡᠯ
