ᠤᠨᠤᠭᠠᠴᠢ ᠬᠡᠦᠬᠡᠳ -ᠬᠠᠢᠭᠤᠯ᠂ ᠨᠠᠨᠳᠢᠨ Onooch khüükhed-Khaiguul,NandinОнооч хүүхэд-Хайгуул,Нандин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠨᠤᠭᠠᠴᠢ ᠬᠡᠦᠬᠡᠳ -ᠬᠠᠢᠭᠤᠯ᠂ ᠨᠠᠨᠳᠢᠨ Onooch khüükhed-Khaiguul,NandinОнооч хүүхэд-Хайгуул,Нандин

ᠤᠨᠤᠭᠠᠴᠢ ᠬᠡᠦᠬᠡᠳ -ᠬᠠᠢᠭᠤᠯ᠂ ᠨᠠᠨᠳᠢᠨ Onooch khüükhed-Khaiguul,NandinОнооч хүүхэд-Хайгуул,Нандин

ᠠᠩᠭᠢᠯᠠᠯ:ᠳᠠᠭᠤᠤ ᠬᠥᠭᠵᠢᠮ
2025-11-04

260

ᠤᠨᠤᠭᠠᠴᠢ ᠬᠡᠦᠬᠡᠳ


         ᠦᠭᠡ᠂ ᠠᠶ᠎ᠠ᠄ ᠨᠠᠰᠤᠨ᠎ᠠ 
         ᠳᠠᠭᠤᠴᠢᠨ᠄ ᠬᠠᠢᠭᠤᠯ᠂ ᠨᠠᠨᠳᠢᠨ 
( ᠪᠠᠷᠠᠭᠤᠨ ᠦᠵᠦᠮᠦᠴᠢᠨ ᠬᠤᠰᠢᠭᠤᠨ ᠤ᠋ ᠰᠣᠨᠣᠷ ᠤ᠋ᠨ ᠤᠷᠤᠰᠬᠠᠯ ᠳᠠᠭᠤᠤ ᠰᠤᠷᠭᠠᠯᠲᠠ ᠶ᠋ᠢᠨ ᠲᠥᠪ)

ᠤᠷᠭᠤᠬᠤ ᠨᠠᠷᠠᠨ ᠤ᠋ ᠰᠢᠷᠭᠠᠯ ᠲᠤᠶᠠᠭ᠎ᠠ ᠠᠭᠤᠯᠠᠰ ᠤ᠋ᠨ ᠵᠤᠯᠠᠢ ᠪᠠᠷ ᠳᠡᠯᠡᠬᠡᠢ ᠭᠡᠢᠵᠦ 
ᠤᠳᠤᠮ ᠤ᠋ᠨ ᠬᠤᠷᠳᠤᠨ ᠮᠣᠩᠭᠣᠯ ᠮᠣᠷᠢᠳ ᠭᠠᠷᠤᠭ᠎ᠠ ᠶ᠋ᠢᠨ ᠭᠠᠵᠠᠷ ᠬᠡᠢᠷᠬᠡᠨ᠎ᠡ 
ᠤᠷᠲᠤ ᠶ᠋ᠢᠨ ᠳᠠᠭᠤᠤ ᠲᠠᠢ ᠲᠡᠷᠭᠡᠯ ᠲᠠᠯ᠎ᠠ ᠳ᠋ᠤ᠌ ᠨᠠᠭᠠᠳᠤᠮ ᠤ᠋ᠨ ᠤᠤᠬᠠᠢ ᠴᠤᠤᠷᠢᠶᠠᠲᠤᠨ᠎ᠠ 
ᠣᠨᠣᠭᠠᠴᠢ ᠬᠡᠦᠬᠡᠳ ᠦ᠋ᠨ ᠭᠢᠩᠭᠤᠯᠠᠬᠤ ᠳᠠᠭᠤᠨ ᠳ᠋ᠤ᠌ ᠤᠶᠠᠭᠠᠴᠢ 
ᠲᠦᠮᠡᠨ ᠦ᠌ ᠬᠡᠢᠮᠣᠷᠢ ᠰᠡᠷᠭᠦᠨ᠎ᠡ 
ᠲᠩᠷᠢ ᠲᠠᠯ᠎ᠠ ᠶ᠋ᠢᠨ ᠢ᠋ᠶ᠋ᠡᠨ ᠳᠤᠮᠳᠠ ᠠ᠋ᠴᠠ ᠳᠡᠯᠭᠡᠷ ᠠᠭᠤᠳᠠᠮ ᠨᠤᠲᠤᠭ ᠲᠤ᠌ ᠪᠠᠨ
ᠳᠡᠷᠡᠰᠦᠨ ᠲᠣᠯᠣᠭᠠᠢ ᠪᠥᠬᠦᠯᠵᠡᠭᠦᠯᠦᠨ ᠳᠡᠨᠵᠢ ᠶ᠋ᠢᠨ ᠰᠠᠯᠬᠢ ᠰᠢᠭ᠋ ᠬᠤᠷᠳᠤᠯᠠᠨ᠎ᠠ
ᠳᠡᠭᠡᠳᠦ ᠶ᠋ᠢᠨ ᠤᠳᠤᠮ ᠲᠠᠢ ᠮᠣᠩᠭᠣᠯ ᠮᠣᠷᠢ ᠲᠣᠷᠭᠠᠨ ᠲᠣᠭᠣᠰᠣ ᠶ᠋ᠢ ᠨᠠᠮᠢᠷᠠᠭᠤᠯᠤᠨ 
ᠳᠡᠭᠡᠷ᠎ᠡ ᠨᠢ ᠤᠨᠤᠭᠰᠠᠨ ᠤᠨᠤᠭᠠᠴᠢ ᠬᠡᠦᠬᠡᠳ ᠦ᠋ᠳ ᠲᠠᠰᠢᠭᠤᠷ ᠨᠡᠮᠡᠨ ᠬᠡᠢᠮᠣᠷᠢᠯᠢᠭ
ᠬᠠᠲᠠᠷᠢᠭ᠎ᠠ ᠵᠢᠷᠣᠭ᠎ᠠ ᠬᠦᠯᠦᠭ ᠦ᠋ᠨ ᠢ᠋ᠶ᠋ᠡᠨ ᠬᠠᠩᠭᠠᠯ ᠵᠣ ᠳᠡᠭᠡᠷ᠎ᠡ ᠳᠡᠭᠦᠯᠢᠩᠭᠡᠨ
ᠬᠠᠮᠤᠭ ᠮᠣᠩᠭᠣᠯ ᠤ᠋ᠨ ᠡᠷᠡᠯᠬᠡᠭ ᠬᠥᠪᠡᠭᠦᠳ ᠬᠠᠵᠠᠭᠠᠷ ᠵᠢᠯᠣᠭᠣ ᠲᠠᠲᠠᠩᠬᠠᠨ
ᠬᠠᠷᠪᠤᠭᠰᠠᠨ ᠰᠤᠮᠤ ᠰᠢᠭ᠋ ᠠᠵᠢᠨᠠᠢ ᠨᠤᠭᠤᠳ ᠬᠠᠩᠭᠠᠢ ᠲᠠᠯ᠎ᠠ ᠪᠠᠷ ᠳᠠᠪᠬᠢᠩᠬᠠᠨ
ᠬᠤᠷ᠎ᠠ ᠶ᠋ᠢᠨ ᠬᠡᠰᠢᠭ ᠲᠡᠢ ᠮᠣᠩᠭᠣᠯ ᠨᠠᠭᠠᠳᠤᠮ ᠬᠠᠨ ᠳᠡᠯᠡᠬᠡᠢ ᠳ᠋ᠦ᠍ ᠳᠠᠭᠤᠷᠢᠰᠤᠩᠬᠠᠨ
ᠲᠩᠷᠢ ᠲᠠᠯ᠎ᠠ ᠶ᠋ᠢᠨ ᠢ᠋ᠶ᠋ᠡᠨ ᠳᠤᠮᠳᠠ ᠠ᠋ᠴᠠ ᠳᠡᠯᠭᠡᠷ ᠠᠭᠤᠳᠠᠮ ᠨᠤᠲᠤᠭ ᠲᠤ᠌  ᠪᠠᠨ
ᠳᠡᠷᠡᠰᠦᠨ ᠲᠣᠯᠣᠭᠠᠢ ᠪᠥᠬᠥᠯᠵᠡᠭᠦᠯᠦᠨ ᠳᠡᠨᠵᠢ ᠶ᠋ᠢᠨ ᠰᠠᠯᠬᠢ ᠰᠢᠭ᠋ ᠬᠤᠷᠳᠤᠯᠠᠨ᠎ᠠ
ᠳᠡᠭᠡᠳᠦ ᠶ᠋ᠢᠨ ᠤᠳᠤᠮ ᠲᠠᠢ ᠮᠣᠩᠭᠣᠯ ᠮᠣᠷᠢ ᠲᠣᠷᠭᠠᠨ ᠲᠣᠭᠣᠰᠣ ᠶ᠋ᠢ ᠨᠠᠮᠢᠷᠠᠭᠤᠯᠤᠨ
ᠳᠡᠭᠡᠷ᠎ᠡ ᠨᠢ ᠤᠨᠤᠭᠰᠠᠨ ᠤᠨᠤᠭᠠᠴᠢ ᠬᠡᠦᠬᠡᠳ ᠦ᠋ᠳ ᠲᠠᠰᠢᠭᠤᠷ ᠨᠡᠮᠡᠨ ᠬᠡᠢᠮᠣᠷᠢᠯᠢᠭ

ᠠᠯᠤᠰ ᠤ᠋ᠨ ᠭᠠᠵᠠᠷ ᠢ᠋ ᠲᠣᠪᠴᠢᠯᠠᠵᠤ ᠢᠷᠡᠬᠦ ᠠᠷᠭᠤᠮᠠᠭ ᠬᠤᠷᠳᠤᠨ ᠬᠦᠯᠦᠭ ᠢ᠋ ᠪᠡᠨ
ᠠᠷᠠᠳ ᠤ᠋ᠨ ᠣᠯᠠᠨ ᠤᠶᠠᠭᠠᠴᠢ ᠡᠵᠡᠳ ᠨᠢ ᠪᠠᠷᠢᠶᠠᠨ ᠤ᠋ ᠭᠠᠵᠠᠷ ᠠ᠋ᠴᠠ ᠪᠠᠷᠠᠯᠠᠨ᠎ᠠ
ᠨᠠᠭᠠᠳᠤᠮ ᠤ᠋ᠨ ᠬᠦᠷᠢᠶ᠎ᠡ ᠲᠣᠭᠣᠷᠢᠭᠰᠠᠨ ᠰᠢᠨᠳᠠᠰᠤᠲᠤ ᠬᠤᠷᠳᠤ ᠲᠠᠢ ᠬᠦᠯᠦᠭ ᠦ᠋ᠳ ᠨᠢ
ᠨᠠᠰᠤ ᠨᠢ ᠪᠠᠭ᠎ᠠ ᠣᠨᠣᠭᠠᠴᠢ ᠲᠠᠢ ᠪᠠᠨ ᠨᠠᠢᠷᠠᠭ ᠢᠷᠦᠭᠡᠯ ᠳᠤᠮᠳᠠ ᠠᠯᠳᠠᠷᠰᠢᠨ᠎ᠠ
ᠲᠩᠷᠢ ᠲᠠᠯ᠎ᠠ ᠶ᠋ᠢᠨ ᠢ᠋ᠶ᠋ᠡᠨ ᠳᠤᠮᠳᠠ ᠠ᠋ᠴᠠ ᠳᠡᠯᠭᠡᠷ ᠠᠭᠤᠳᠠᠮ ᠨᠤᠲᠤᠭ ᠲᠤ᠌ ᠪᠠᠨ
ᠳᠡᠷᠡᠰᠦᠨ ᠲᠣᠯᠣᠭᠠᠢ ᠪᠥᠬᠦᠯᠵᠡᠭᠦᠯᠦᠨ ᠳᠡᠨᠵᠢ ᠶ᠋ᠢᠨ ᠰᠠᠯᠬᠢ ᠰᠢᠭ᠋ ᠬᠤᠷᠳᠤᠯᠠᠨ᠎ᠠ
ᠳᠡᠭᠡᠳᠦ ᠶ᠋ᠢᠨ ᠤᠳᠤᠮ ᠲᠠᠢ ᠮᠣᠩᠭᠣᠯ ᠮᠣᠷᠢ ᠲᠣᠷᠭᠠᠨ ᠲᠣᠭᠣᠰᠣ ᠶ᠋ᠢ ᠨᠠᠮᠢᠷᠠᠭᠤᠯᠤᠨ 
ᠳᠡᠭᠡᠷ᠎ᠡ ᠨᠢ ᠤᠨᠤᠭᠰᠠᠨ ᠣᠨᠣᠭᠠᠴᠢ ᠬᠡᠦᠬᠡᠳ ᠦ᠋ᠳ ᠲᠠᠰᠢᠭᠤᠷ ᠨᠡᠮᠡᠨ ᠬᠡᠢᠮᠣᠷᠢᠯᠢᠭ
ᠲᠩᠷᠢ ᠲᠠᠯ᠎ᠠ ᠶ᠋ᠢᠨ ᠢ᠋ᠶ᠋ᠡᠨ ᠳᠤᠮᠳᠠ ᠠ᠋ᠴᠠ ᠳᠡᠯᠭᠡᠷ ᠠᠭᠤᠳᠠᠮ ᠨᠤᠲᠤᠭ ᠲᠤ᠌ ᠪᠠᠨ 
ᠳᠡᠷᠡᠰᠦᠨ ᠲᠣᠯᠣᠭᠠᠢ ᠪᠥᠬᠦᠯᠵᠡᠭᠦᠯᠦᠨ ᠳᠡᠨᠵᠢ ᠶ᠋ᠢᠨ ᠰᠠᠯᠬᠢ ᠰᠢᠭ᠋ ᠬᠤᠷᠳᠤᠯᠠᠨ᠎ᠠ
ᠳᠡᠭᠡᠳᠦ ᠶ᠋ᠢᠨ ᠤᠳᠤᠮ ᠲᠠᠢ ᠮᠣᠩᠭᠣᠯ ᠮᠣᠷᠢ ᠲᠣᠷᠭᠠᠨ ᠲᠣᠭᠣᠰᠣ ᠶ᠋ᠢ ᠨᠠᠮᠢᠷᠠᠭᠤᠯᠤᠨ
ᠳᠡᠭᠡᠷ᠎ᠡ ᠨᠢ ᠤᠨᠤᠭᠰᠠᠨ ᠤᠨᠤᠭᠠᠴᠢ ᠬᠡᠦᠬᠡᠳ ᠦ᠋ᠳ ᠲᠠᠰᠢᠭᠤᠷ ᠨᠡᠮᠡᠨ ᠬᠡᠢᠮᠣᠷᠢᠯᠢᠭ

ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ ᠪᠠᠭᠰᠢ᠄ ᠣᠳᠬᠠᠨᠰᠣ᠎ᠠ