ᠴᠠᠰᠤ- ᠦᠷᠴᠠᠢᠬᠤTsas-ÜrtsaikhuЦас-Үрцайху ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠰᠤ- ᠦᠷᠴᠠᠢᠬᠤTsas-ÜrtsaikhuЦас-Үрцайху

ᠴᠠᠰᠤ- ᠦᠷᠴᠠᠢᠬᠤTsas-ÜrtsaikhuЦас-Үрцайху

ᠠᠩᠭᠢᠯᠠᠯ:ᠳᠠᠭᠤᠤ ᠬᠥᠭᠵᠢᠮ
2025-11-01

1868

ᠴᠠᠰᠤ


    ᠦᠭᠡ᠄ ᠸ᠂ ᠭᠠᠩᠪᠣᠯᠣᠳ 
    ᠠᠶ᠎ᠠ᠄ ᠰᠠᠷᠭᠠᠢ  
    ᠳᠠᠭᠤᠴᠢᠨ᠄ ᠦᠷᠴᠠᠢᠬᠤ 

ᠰᠠᠨᠰᠠᠷ ᠤ᠋ᠨ ᠨᠠᠭᠠᠨᠠᠬᠠᠨ ᠠᠭᠠᠷ ᠤ᠋ᠨ ᠭᠦᠨ ᠡᠴᠡ 
ᠰᠡᠮᠡᠷᠡᠨ ᠰᠡᠮᠡᠷᠡᠭᠰᠡᠭᠡᠷ ᠨᠠᠮᠢᠷᠠᠭᠠᠳ ᠢᠷᠡᠪᠡ ᠤᠤ 
ᠰᠠᠢᠬᠠᠨ ᠲᠡᠭᠦᠨ ᠦ᠌ ᠮᠢᠨᠢ ᠰᠡᠳᠬᠢᠯ ᠢ᠋ ᠵᠠᠰᠠᠭᠰᠠᠭᠠᠷ 
ᠰᠠᠷᠠᠭᠤᠯᠬᠠᠨ ᠨᠤᠲᠤᠭ ᠲᠤ᠌ ᠮᠢᠨᠢ ᠴᠠᠢᠯᠵᠠᠭᠠᠳ ᠢᠷᠡᠪᠡ ᠤᠤ 
ᠰᠠᠢᠬᠠᠨ ᠲᠡᠭᠦᠨ ᠦ᠌ ᠮᠢᠨᠢ ᠰᠡᠳᠬᠢᠯ ᠢ᠋ ᠵᠠᠰᠠᠭᠰᠠᠭᠠᠷ 
ᠰᠠᠷᠠᠭᠤᠯᠬᠠᠨ ᠨᠤᠲᠤᠭ ᠲᠤ᠌ ᠮᠢᠨᠢ ᠴᠠᠢᠯᠵᠠᠭᠠᠳ ᠢᠷᠡᠪᠡ ᠤᠤ 

ᠪᠣᠳᠣᠯ ᠤ᠋ᠨ ᠴᠡᠩᠬᠡᠷᠬᠡᠨ ᠲᠡᠭᠷᠢ ᠶ᠋ᠢᠨ ᠮᠠᠨᠳᠠᠯ ᠠ᠋ᠴᠠ
ᠪᠤᠶᠠᠨ ᠬᠡᠰᠢᠭ ᠢ᠋ ᠬᠤᠷᠤᠢᠯᠠᠭᠰᠠᠭᠠᠷ ᠰᠠᠭᠠᠲᠠᠪᠠ ᠤᠤ
ᠪᠤᠯᠪᠠᠷᠠᠢ ᠲᠡᠭᠦᠨ ᠦ᠌ ᠮᠢᠨᠢ ᠰᠡᠳᠬᠢᠯ ᠢ᠋ ᠠᠷᠭᠠᠳᠠᠭᠰᠠᠭᠠᠷ
ᠪᠣᠯᠵᠣᠭᠠᠨ ᠤ᠋ ᠡᠳᠦᠷ ᠢ᠋ ᠮᠢᠨᠢ ᠳᠠᠯᠠᠯᠤᠭᠰᠠᠭᠠᠷ ᠢᠷᠡᠪᠡ ᠤᠤ
ᠪᠤᠯᠪᠠᠷᠠᠢ ᠲᠡᠭᠦᠨ ᠦ᠌ ᠮᠢᠨᠢ ᠰᠡᠳᠬᠢᠯ ᠢ᠋ ᠠᠷᠭᠠᠳᠠᠭᠰᠠᠭᠠᠷ
ᠪᠣᠯᠵᠣᠭᠠᠨ ᠤ᠋ ᠡᠳᠦᠷ ᠢ᠋ ᠮᠢᠨᠢ ᠳᠠᠯᠠᠯᠤᠭᠰᠠᠭᠠᠷ ᠢᠷᠡᠪᠡ ᠤᠤ

ᠬᠠᠢᠯᠤᠨ ᠬᠠᠢᠯᠤᠭᠰᠠᠭᠠᠷ ᠮᠣᠷᠢᠯᠠᠨ ᠶᠠᠪᠤᠬᠤ ᠳ᠋ᠤ᠌ ᠴᠢᠨᠢ 
ᠬᠠᠨᠠᠭᠠᠷ ᠳᠡᠯᠡᠬᠡᠢ ᠨᠣᠭᠣᠭᠠᠷᠠᠬᠤ ᠶᠤᠮ ᠬᠦ
ᠬᠠᠢᠷᠠᠯᠠᠨ ᠬᠠᠢᠷᠠᠯᠠᠭᠰᠠᠭᠠᠷ ᠬᠥᠭᠡᠷᠦᠬᠦᠨ ᠲᠡᠭᠦᠨ ᠲᠡᠢ ᠪᠡᠨ
ᠬᠣᠷᠸ᠎ᠠ ᠶ᠋ᠢᠨ ᠵᠢᠷᠭᠠᠯ ᠢ᠋ ᠡᠳ᠋ᠯᠡᠬᠦ ᠶᠤᠮ ᠬᠦ
ᠬᠠᠢᠷᠠᠯᠠᠨ ᠬᠠᠢᠷᠠᠯᠠᠭᠰᠠᠭᠠᠷ ᠬᠥᠭᠡᠷᠦᠬᠦᠨ ᠲᠡᠭᠦᠨ ᠲᠡᠢ ᠪᠡᠨ
ᠬᠣᠷᠸ᠎ᠠ ᠶ᠋ᠢᠨ ᠵᠢᠷᠭᠠᠯ ᠢ᠋ ᠡᠳ᠋ᠯᠡᠬᠦ ᠶᠤᠮ ᠬᠦ
ᠬᠣᠷᠸ᠎ᠠ ᠶ᠋ᠢᠨ ᠵᠢᠷᠭᠠᠯ ᠢ᠋ ᠡᠳ᠋ᠯᠡᠬᠦ ᠶᠤᠮ ᠬᠦ

       ᠦᠰᠦᠭ ᠠᠮᠢᠯᠠᠭᠤᠯᠤᠭᠴᠢ᠄ ᠠᠯᠲᠠᠨᠴᠢᠮᠡᠭ
       ᠦᠰᠦᠭ ᠬᠠᠲᠠᠭᠴᠢ᠄ ᠠᠯᠲᠠᠨᠴᠢᠮᠡᠭ