ᠪᠣᠳᠣᠯ ᠤ᠋ᠨ ᠨᠠᠮᠤᠷ- ᠪᠠᠶᠠᠨᠨᠠᠮᠤᠷBodlyn namar-BayannamrБодлын намар-Баяннамр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠳᠣᠯ ᠤ᠋ᠨ ᠨᠠᠮᠤᠷ- ᠪᠠᠶᠠᠨᠨᠠᠮᠤᠷBodlyn namar-BayannamrБодлын намар-Баяннамр

ᠪᠣᠳᠣᠯ ᠤ᠋ᠨ ᠨᠠᠮᠤᠷ- ᠪᠠᠶᠠᠨᠨᠠᠮᠤᠷBodlyn namar-BayannamrБодлын намар-Баяннамр

ᠠᠩᠭᠢᠯᠠᠯ:ᠳᠠᠭᠤᠤ ᠬᠥᠭᠵᠢᠮ
2025-10-31

294

ᠪᠣᠳᠣᠯ ᠤ᠋ᠨ ᠨᠠᠮᠤᠷ

   ᠦᠭᠡ᠄ ᠰᠡᠴᠡᠨᠳᠠᠯᠠᠢ 
   ᠠᠶ᠎ᠠ᠄ ᠰᠡᠴᠡᠨᠴᠣᠭᠲᠤ 
   ᠳᠠᠭᠤᠴᠢᠨ᠄ ᠪᠠᠶᠠᠨᠨᠠᠮᠤᠷ 
ᠠᠯᠲᠠᠨ ᠨᠠᠮᠤᠷ ᠤ᠋ᠨ ᠬᠥᠳᠡᠭᠡ ᠨᠢ ᠨᠠᠯᠠᠢᠭᠠᠳ 
ᠠᠯᠤᠰ ᠤ᠋ᠨ ᠵᠡᠷᠭᠡᠯᠭᠡᠨ ᠳ᠋ᠦ᠍ ᠠᠭᠤᠯᠠᠰ ᠨᠡᠭᠦᠳᠡᠯᠯᠡᠨ᠎ᠡ 
ᠠᠪᠤ ᠶ᠋ᠢᠨ ᠪᠠᠷ᠎ᠠ ᠨᠢᠳᠦᠨ ᠳ᠋ᠦ᠍ ᠰᠦᠮᠡᠯᠵᠡᠭᠡᠳ 
ᠠᠭᠢ ᠶ᠋ᠢᠨ ᠦᠨᠦᠷ ᠲᠡᠢ ᠨᠤᠲᠤᠭ ᠮᠢᠨᠢ ᠦᠭᠡᠢᠯᠡᠭᠳᠡᠨ᠎ᠡ 
ᠠᠩᠭᠢᠷ ᠭᠠᠯᠠᠭᠤᠳ ᠨᠢ ᠤᠶᠠᠷᠠᠨ ᠭᠠᠩᠭᠠᠨᠠᠭᠰᠠᠭᠠᠷ 
ᠠᠮᠢᠨ ᠨᠠᠭᠤᠷ ᠤ᠋ᠨ ᠢ᠋ᠶ᠋ᠠᠨ ᠨᠠᠮᠤᠷ ᠲᠤ᠌ ᠨᠢ ᠬᠣᠷᠭᠣᠳᠠᠨ᠎ᠠ 
ᠠᠶᠠᠨ ᠤ᠋ ᠰᠢᠪᠠᠭᠤᠳ ᠢ᠋ ᠵᠡᠯᠡᠯᠡᠨ ᠬᠣᠯᠠᠳᠠᠬᠤ ᠳ᠋ᠤ᠌ 
ᠠᠯᠳᠠᠷᠠᠢ ᠨᠤᠲᠤᠭ ᠢ᠋ᠶ᠋ᠠᠨ ᠪᠢ ᠳᠠᠭᠤᠯᠠᠩᠬᠠᠨ ᠰᠠᠭᠤᠨ᠎ᠠ
ᠬᠠᠯᠢᠭᠤᠨ ᠨᠠᠮᠤᠷ ᠤ᠋ᠨ ᠲᠠᠯ᠎ᠠ ᠨᠢ ᠤᠨᠢᠶᠠᠷᠯᠠᠭᠠᠳ
ᠬᠠᠨ ᠠᠭᠤᠯᠠᠨ ᠳ᠋ᠤ᠌ ᠪᠤᠭᠤ ᠤᠷᠤᠮᠳᠠᠨ᠎ᠠ
ᠬᠠᠢᠷᠠᠲᠠᠢ ᠡᠵᠢ ᠮᠢᠨᠢ ᠰᠡᠳᠬᠢᠯ ᠳ᠋ᠦ᠍ ᠲᠣᠳᠣᠷᠠᠭᠠᠳ
ᠬᠠᠯᠠᠭᠤᠨ ᠡᠯᠢᠭᠡᠨ ᠨᠤᠲᠤᠭ ᠮᠢᠨᠢ ᠰᠠᠨᠠᠭᠳᠠᠨ᠎ᠠ
ᠠᠩᠭᠢᠷ ᠭᠠᠯᠠᠭᠤᠳ ᠨᠢ ᠤᠶᠠᠷᠠᠨ ᠭᠠᠩᠭᠠᠨᠠᠭᠰᠠᠭᠠᠷ
ᠠᠮᠢᠨ ᠨᠠᠭᠤᠷ ᠤ᠋ᠨ ᠢ᠋ᠶ᠋ᠠᠨ ᠨᠠᠮᠤᠷ ᠲᠤ᠌ ᠨᠢ ᠬᠣᠷᠭᠣᠳᠠᠨ᠎ᠠ
ᠠᠶᠠᠨ ᠤ᠋ ᠰᠢᠪᠠᠭᠤᠳ ᠢ᠋ ᠵᠡᠯᠡᠯᠡᠨ ᠬᠣᠯᠠᠳᠠᠬᠤ ᠳ᠋ᠤ᠌
ᠠᠯᠳᠠᠷᠠᠢ ᠨᠤᠲᠤᠭ ᠢ᠋ᠶ᠋ᠠᠨ ᠪᠢ ᠳᠠᠭᠤᠯᠠᠩᠬᠠᠨ ᠰᠠᠭᠤᠨ᠎ᠠ 
ᠪᠣᠳᠣᠯ ᠤ᠋ᠨ ᠨᠠᠮᠤᠷ ᠰᠡᠳᠬᠢᠯ ᠰᠡᠮᠡᠷᠡᠭᠡᠳ
ᠪᠣᠷᠣᠭᠠᠲᠤ ᠦᠳᠡᠰᠢ ᠮᠥᠷᠥᠭᠡᠳᠦᠯ ᠳ᠋ᠦ᠍ ᠰᠢᠪᠡᠷᠡᠨ᠎ᠡ
ᠪᠤᠮᠠᠨ ᠵᠡᠭᠦᠳᠦᠨ ᠳ᠋ᠦ᠍ ᠪᠡᠨ ᠰᠠᠨᠠᠨ ᠳᠤᠷᠠᠰᠤᠭᠠᠳ
ᠪᠣᠷᠣᠭ ᠳᠠᠭᠠᠨ᠎ᠠ ᠶ᠋ᠢᠨ ᠨᠤᠲᠤᠭ ᠮᠢᠨᠢ ᠦᠨᠦᠷᠲᠦᠨ᠎ᠡ
ᠠᠩᠭᠢᠷ ᠭᠠᠯᠠᠭᠤᠳ ᠨᠢ ᠤᠶᠠᠷᠠᠨ ᠭᠠᠩᠭᠠᠨᠠᠭᠰᠠᠭᠠᠷ
ᠠᠮᠢᠨ ᠨᠠᠭᠤᠷ ᠤ᠋ᠨ ᠢ᠋ᠶ᠋ᠠᠨ ᠨᠠᠮᠤᠷ ᠲᠤ᠌ ᠨᠢ ᠬᠣᠷᠭᠣᠳᠠᠨ᠎ᠠ
ᠠᠶᠠᠨ ᠤ᠋ ᠰᠢᠪᠠᠭᠤᠳ ᠢ᠋ ᠵᠡᠯᠡᠯᠡᠨ ᠬᠣᠯᠠᠳᠠᠬᠤ ᠳ᠋ᠤ᠌
ᠠᠯᠳᠠᠷᠠᠢ ᠨᠤᠲᠤᠭ ᠢ᠋ᠶ᠋ᠠᠨ ᠪᠢ ᠳᠠᠭᠤᠯᠠᠩᠬᠠᠨ ᠰᠠᠭᠤᠨ᠎ᠠ
ᠠᠩᠭᠢᠷ ᠭᠠᠯᠠᠭᠤᠳ ᠨᠢ ᠤᠶᠠᠷᠠᠨ ᠭᠠᠩᠭᠠᠨᠠᠭᠰᠠᠭᠠᠷ
ᠠᠮᠢᠨ ᠨᠠᠭᠤᠷ ᠤ᠋ᠨ ᠢ᠋ᠶ᠋ᠠᠨ ᠨᠠᠮᠤᠷ ᠲᠤ᠌ ᠨᠢ ᠬᠣᠷᠭᠣᠳᠠᠨ᠎ᠠ
ᠠᠶᠠᠨ ᠤ᠋ ᠰᠢᠪᠠᠭᠤᠳ ᠢ᠋ ᠵᠡᠯᠡᠯᠡᠨ ᠬᠣᠯᠠᠳᠠᠬᠤ ᠳ᠋ᠤ᠌
ᠠᠯᠳᠠᠷᠠᠢ ᠨᠤᠲᠤᠭ ᠢ᠋ᠶ᠋ᠠᠨ ᠪᠢ ᠳᠠᠭᠤᠯᠠᠩᠬᠠᠨ ᠰᠠᠭᠤᠨ᠎ᠠ

  ᠦᠰᠦᠭ ᠬᠠᠳᠠᠭᠴᠢ᠄ ᠪᠦᠷᠢᠨᠵᠢᠷᠭᠠᠯ
  ᠦᠰᠦᠭ ᠠᠮᠢᠯᠠᠭᠤᠯᠤᠭᠰᠠᠨ ᠄ ᠪᠦᠷᠢᠨᠵᠢᠷᠭᠠᠯ
  ᠬᠢᠨᠠᠭᠴᠢ᠄ ᠡᠷᠳᠡᠨᠢᠪᠢᠯᠢᠭ