ᠡᠬᠡ ᠨᠤᠲᠤᠭ ᠤ᠋ᠨ ᠤᠶᠠᠩᠭ᠎ᠠ-ᠭ ᠵᠢᠷᠭᠠᠯᠮ᠎ᠠEkh nutgiin uyanga-G. JargalmaaЭх нутгийн уянга-Г. Жаргалмаа
ᠡᠬᠡ ᠨᠤᠲᠤᠭ ᠤ᠋ᠨ ᠤᠶᠠᠩᠭ᠎ᠠ
ᠦᠭᠡ᠄ ᠣ• ᠳᠠᠰᠢᠪᠠᠯᠪᠠᠷ
ᠠᠶ᠎ᠠ᠄ ᠳ• ᠪᠡᠬᠢᠪᠠᠲᠤ
ᠳᠠᠭᠤᠴᠢᠨ᠄ ᠭ• ᠵᠢᠷᠭᠠᠯᠮ᠎ᠠ
ᠪᠤᠯᠠᠭ ᠤ᠋ᠨ ᠤᠰᠤᠨ ᠳ᠋ᠤ᠌ ᠨᠢ ᠰᠠᠷᠠᠨ ᠬᠦᠪᠦᠭᠡᠳ
ᠪᠤᠭᠤ ᠶ᠋ᠢᠨ ᠳᠠᠭᠤᠨ ᠳ᠋ᠤ᠌ ᠨᠢ ᠠᠭᠤᠯᠠᠰ ᠴᠤᠤᠷᠢᠶᠠᠲᠤᠭᠰᠠᠨ
ᠪᠤᠭᠤᠷᠤᠯ ᠡᠵᠢ ᠶ᠋ᠢ ᠮᠢᠨᠢ ᠰᠠᠨᠠᠭᠳᠠᠭᠤᠯᠤᠭᠰᠠᠨ
ᠪᠤᠳᠠᠩᠲᠤ ᠬᠠᠩᠭᠠᠢ ᠳ᠋ᠠᠭᠠᠨ ᠪᠢ ᠬᠠᠢᠷᠠᠲᠠᠢ᠃
ᠡᠷᠡᠮᠡᠬᠡᠢ ᠪᠦᠷᠭᠦᠳ ᠨᠢ ᠵᠢᠭᠦᠷ ᠢ᠋ᠶ᠋ᠡᠨ ᠳᠡᠪᠢᠭᠰᠡᠨ
ᠡᠷᠲᠡᠨ ᠦ᠌ ᠴᠠᠰᠤᠲᠤ ᠣᠷᠭᠢᠯ ᠳ᠋ᠠᠭᠠᠨ ᠪᠢ ᠬᠠᠢᠷᠠᠲᠠᠢ
ᠡᠷᠡᠮᠡᠬᠡᠢ ᠪᠦᠷᠭᠦᠳ ᠨᠢ ᠵᠢᠭᠦᠷ ᠢ᠋ᠶ᠋ᠡᠨ ᠳᠡᠪᠢᠭᠰᠡᠨ
ᠡᠷᠲᠡᠨ ᠦ᠌ ᠴᠠᠰᠤᠲᠤ ᠣᠷᠭᠢᠯ ᠳ᠋ᠠᠭᠠᠨ ᠪᠢ ᠬᠠᠢᠷᠠᠲᠠᠢ᠃
ᠰᠢᠷᠭᠠᠯ ᠮᠠᠩᠬᠠᠨ ᠳ᠋ᠠᠭᠠᠨ ᠢᠩᠭᠡ ᠨᠢ ᠪᠤᠢᠯᠠᠭᠰᠠᠨ
ᠱᠠᠩᠳᠠ ᠶ᠋ᠢᠨ ᠤᠰᠤᠨ ᠳ᠋ᠤ᠌ ᠨᠢ ᠨᠠᠷᠠᠨ ᠪᠤᠯᠭᠢᠭᠰᠠᠨ
ᠡᠯᠡᠰᠦᠨ ᠦ᠌ ᠬᠡ ᠨᠢ ᠠᠯᠲᠠ ᠪᠠᠷ ᠭᠢᠯᠠᠯᠵᠠᠭᠰᠠᠨ
ᠡᠷᠲᠡᠨ ᠦ᠌ ᠭᠣᠪᠢ ᠳ᠋ᠠᠭᠠᠨ ᠪᠢ ᠬᠠᠢᠷᠠᠲᠠᠢ᠃
ᠪᠣᠰᠤᠭ᠎ᠠ ᠲᠥᠷᠥᠭᠰᠡᠨ ᠬᠤᠯᠠᠨ ᠤ᠋ ᠤᠨᠠᠭ᠎ᠠ ᠲᠠᠢ
ᠪᠣᠲᠣᠭᠣᠨ ᠭᠣᠪᠢ ᠳ᠋ᠠᠭᠠᠨ ᠪᠢ ᠬᠠᠢᠷᠠᠲᠠᠢ
ᠪᠣᠰᠤᠭ᠎ᠠ ᠲᠥᠷᠥᠭᠰᠡᠨ ᠬᠤᠯᠠᠨ ᠤ᠋ ᠤᠨᠠᠭ᠎ᠠ ᠲᠠᠢ
ᠪᠣᠲᠣᠭᠣᠨ ᠭᠣᠪᠢ ᠳ᠋ᠠᠭᠠᠨ ᠪᠢ ᠬᠠᠢᠷᠠᠲᠠᠢ᠃
ᠴᠠᠢᠳᠠᠮ ᠬᠡᠭᠡᠷ᠎ᠡ ᠮᠣᠷᠢ ᠲᠠᠢ ᠳᠠᠪᠬᠢᠭᠠᠳ
ᠴᠠᠭᠠᠨ ᠭᠡᠷ ᠦ᠋ᠳ ᠨᠢ ᠰᠠᠷ᠎ᠠ ᠰᠢᠭ᠋ ᠴᠠᠢᠷᠠᠭᠠᠳ
ᠰᠠᠢᠬᠠᠨ ᠠᠪᠤ ᠶ᠋ᠢ ᠮᠢᠨᠢ ᠰᠠᠨᠠᠭᠳᠠᠭᠤᠯᠤᠭᠰᠠᠨ
ᠰᠠᠷᠠᠭᠤᠯ ᠲᠠᠯ᠎ᠠ ᠳ᠋ᠠᠭᠠᠨ ᠪᠢ ᠬᠠᠢᠷᠠᠲᠠᠢ᠃
ᠵᠡᠭᠡᠷ᠎ᠡ ᠶ᠋ᠢᠨ ᠢᠨᠵᠠᠭ᠎ᠠ ᠢᠷᠭᠤᠢ ᠲᠠᠢ ᠢᠵᠢᠯᠢᠰᠢᠭᠰᠡᠨ
ᠵᠡᠷᠭᠡᠯᠭᠡᠨᠲᠦ ᠲᠠᠯ᠎ᠠ ᠳ᠋ᠠᠭᠠᠨ ᠪᠢ ᠬᠠᠢᠷᠠᠲᠠᠢ
ᠵᠡᠭᠡᠷ᠎ᠡ ᠶ᠋ᠢᠨ ᠢᠨᠵᠠᠭ᠎ᠠ ᠢᠷᠭᠤᠢ ᠲᠠᠢ ᠢᠵᠢᠯᠢᠰᠢᠭᠰᠡᠨ
ᠵᠡᠷᠭᠡᠯᠭᠡᠨᠲᠦ ᠲᠠᠯ᠎ᠠ ᠳ᠋ᠠᠭᠠᠨ ᠪᠢ ᠬᠠᠢᠷᠠᠲᠠᠢ
ᠵᠡᠷᠭᠡᠯᠭᠡᠨᠲᠦ ᠲᠠᠯ᠎ᠠ ᠳ᠋ᠠᠭᠠᠨ ᠪᠢ ᠬᠠᠢᠷᠠᠲᠠᠢ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
