ᠣᠷᠢ ᠵᠠᠯᠠᠭᠤ ᠨᠠᠰᠤ- ᠲ ᠣᠳᠬᠠᠨᠵᠢᠷᠭᠠᠯОрь залуу нас-Т утгаанжаргал
ᠣᠷᠢ ᠵᠠᠯᠠᠭᠤ ᠨᠠᠰᠤ
ᠮ ᠂ ᠶᠠᠩᠵᠢᠨᠳᠤᠯᠮ᠎ᠠ
ᠲᠠᠰ ᠬᠠᠷ᠎ᠠ ᠣᠭᠲᠠᠷᠭᠤᠢ ᠨᠣᠶ᠋ᠢᠷᠰᠤᠨ ᠳᠠᠶ᠋ᠢᠪᠤᠷᠢᠵᠢᠭᠠᠳ
ᠲᠠᠨᠠᠨ ᠡᠷᠳᠡᠨᠢ ᠭᠢᠯᠠᠯᠵᠠᠨ ᠣᠳᠣᠳ ᠴᠢᠭᠤᠯᠤᠯᠳᠠᠬᠤ ᠪᠠᠷ
ᠣᠷᠢ ᠵᠠᠯᠠᠭᠤ ᠨᠠᠰᠤ ᠰᠠᠷᠠᠨ ᠰᠢᠭ᠋ ᠲᠤᠶᠠᠭ᠎ᠠ ᠰᠠᠴᠤᠭᠠᠳ
ᠣᠷᠴᠢᠯᠠᠩ ᠬᠣᠷᠸ᠋᠎ᠠ ᠶ᠋ᠢᠨ ᠵᠤᠯᠠᠢ ᠳᠤ ᠨᠢ ᠭᠡᠷᠡᠯᠲᠦᠨ᠎ᠡ
ᠦᠦᠷ ᠴᠠᠶ᠋ᠢᠵᠤ ᠪᠢᠯᠵᠤᠤᠬᠠᠢ ᠳᠠᠭᠤᠯᠠᠨ ᠪᠥᠵᠢᠭᠯᠡᠭᠡᠳ
ᠡᠭᠦᠯᠡᠨ ᠬᠥᠰᠢᠭᠡ ᠢᠷᠠᠭᠳᠠᠨ ᠨᠠᠷᠠᠨ ᠭᠠᠷᠴᠤ ᠢᠷᠡᠬᠦ ᠳᠦ
ᠣᠷᠢ ᠵᠠᠯᠠᠭᠤ ᠨᠠᠰᠤ ᠥᠷᠯᠥᠭᠡ ᠰᠢᠭ᠌ ᠪᠠᠶᠠᠷ ᠢᠶ᠋ᠠᠷ ᠪᠢᠯᠬᠠᠭᠠᠳ
ᠣᠷᠴᠢᠯᠠᠩ ᠬᠣᠷᠸ᠋᠎ᠠ ᠶ᠋ᠢᠨ ᠵᠢᠷᠦᠬᠡᠨ ᠳᠦ ᠨᠢ ᠪᠤᠯᠭᠢᠯᠠᠨᠠ
ᠵᠤᠨ ᠪᠣᠯᠵᠤ ᠡᠷᠪᠡᠬᠡᠢ ᠨᠠᠭᠠᠳᠤᠨ ᠳᠡᠷᠪᠡᠯᠵᠡᠭᠡᠳ
ᠵᠢᠷᠤᠭ ᠬᠤᠸᠠᠷ ᠰᠢᠭ᠋ ᠠᠯᠠᠭᠯᠠᠨ ᠴᠡᠴᠡᠭ ᠳᠡᠯᠭᠡᠷᠡᠬᠦ ᠪᠡᠷ
ᠣᠷᠢ ᠵᠠᠯᠠᠭᠤ ᠨᠠᠰᠤ ᠣᠨ ᠴᠠᠭ ᠰᠢᠭ᠋ ᠨᠠᠬᠢᠶ᠎ᠠ ᠳᠡᠯᠭᠡᠭᠡᠳ
ᠣᠷᠴᠢᠯᠠᠩ ᠬᠣᠷᠸ᠋᠎ᠠ ᠶ᠋ᠢᠨ ᠴᠡᠭᠡᠵᠢᠨ ᠳᠦ ᠨᠢ ᠲᠣᠳᠣᠷᠠᠨ᠎ᠠ ᠃

Орь залуу нас
М.Янжиндулам
Тас хар огторгуй нойрсон тайваржаад
Танан эрдэнэ гялалзан одод чуулалдахаар
Орь залуу нас саран шиг туяа цацаад
Орчлон хорвоогийн зулайд нь гэрэлтэнэ
Үүр цайж бялзуухай дуулан бүжиглээд
Үүлэн хөшиг ярагдан наран гарч ирэхээр
Орь залуу нас өглөө шиг баяраар бялхаад
Орчлон хорвоогийн зүрхэнд нь булгилнаа
Зун болж эрвээхэй наадан дэрвэлзээд
Зураг хуар шиг алаглан цэцэг дэлгэрэхээр
Орь залуу нас он цаг шиг нахиа дэлгээд
Орчлон хорвоогийн цээжинд нь тодорноо.