ᠨᠠᠨᠳᠢᠨ ᠳᠤᠷᠠᠳᠬᠠᠯ-ᠰᠠᠷᠠᠨᠲᠤᠨᠠᠯNandin durdatgal-Sarantnal Нандин дурдатгал-Сарантнал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠨᠳᠢᠨ ᠳᠤᠷᠠᠳᠬᠠᠯ-ᠰᠠᠷᠠᠨᠲᠤᠨᠠᠯNandin durdatgal-Sarantnal Нандин дурдатгал-Сарантнал

ᠨᠠᠨᠳᠢᠨ ᠳᠤᠷᠠᠳᠬᠠᠯ-ᠰᠠᠷᠠᠨᠲᠤᠨᠠᠯNandin durdatgal-Sarantnal Нандин дурдатгал-Сарантнал

ᠠᠩᠭᠢᠯᠠᠯ:ᠳᠠᠭᠤᠤ ᠬᠥᠭᠵᠢᠮ
2025-10-28

27

ᠨᠠᠨᠳᠢᠨ ᠳᠤᠷᠠᠳᠬᠠᠯ

         ᠦᠭᠡ᠄ ᠲᠤᠭᠴᠢ ᠯᠤᠪᠰᠠᠩ 
         ᠠᠶ᠎ᠠ᠄ ᠳᠠᠯᠠᠨᠪᠠᠶᠠᠷ 
         ᠳᠠᠭᠤᠴᠢᠨ᠄ ᠰᠠᠷᠠᠨᠲᠤᠨᠠᠯ 

 ᠨᠠᠮᠢᠷᠠᠭ᠎ᠠ ᠬᠤᠷ᠎ᠠ ᠰᠢᠪᠡᠷᠡᠭᠰᠡᠨ 
ᠨᠠᠮᠤᠷ ᠤ᠋ᠨ ᠰᠠᠢᠬᠠᠨ ᠡᠳᠦᠷ ᠪᠢᠯᠡ 
ᠨᠢᠩᠵᠢᠨ ᠰᠡᠳᠬᠢᠯ ᠳ᠋ᠡᠭᠡᠨ ᠬᠥᠲᠥᠯᠦᠭᠳᠡᠨ 
ᠨᠢᠭᠡᠨ ᠠᠩᠭᠢ ᠳ᠋ᠤ᠌ ᠴᠤᠭᠯᠠᠭᠰᠠᠨ ᠪᠢᠯᠡ 
ᠵᠠᠯᠠᠭᠤ ᠽᠠᠨᠳᠠᠨ ᠨᠠᠰᠤᠨ ᠳ᠋ᠠᠭᠠᠨ 
 ᠢᠷᠦᠭᠡᠯ ᠬᠤᠪᠢ ᠪᠠᠷ ᠤᠴᠠᠷᠠᠭᠰᠠᠨ ᠪᠢᠯᠡ 
 ᠵᠠᠶᠠᠭᠠᠨ ᠲᠡᠭᠷᠢ ᠶ᠋ᠢᠨ ᠡᠷᠬᠡ ᠪᠡᠷ 
 ᠢᠪᠡᠭᠡᠯ ᠲᠠᠪᠢᠯᠠᠩ ᠢ᠋ᠶ᠋ᠠᠨ ᠤᠭᠲᠤᠭᠰᠠᠨ ᠪᠢᠯᠡ 
       ᠴᠢ ᠪᠢᠳᠡᠨ ᠦ᠌ ᠨᠥᠬᠥᠷᠯᠡᠯ
      ᠮᠠᠷᠲᠠᠵᠤ ᠴᠢᠳᠠᠬᠤ ᠦᠭᠡᠢ ᠬᠠᠢᠷ᠎ᠠ ᠶᠤᠮ ᠰᠠᠨ
      ᠴᠢ ᠪᠢᠳᠡᠨ ᠦ᠌ ᠦᠶᠡᠷᠬᠡᠯ  
      ᠮᠢᠩᠭᠠᠨ ᠣᠨ ᠤ᠋ ᠳᠤᠷᠠᠳᠬᠠᠯ ᠶᠤᠮ ᠰᠠᠨ

 ᠵᠥᠭᠡᠯᠡᠨ ᠰᠠᠯᠬᠢ  ᠰᠡᠪᠡᠯᠵᠡᠭᠰᠡᠨ
 ᠵᠤᠨ ᠤ᠋ ᠵᠤᠭᠠᠲᠠᠢ ᠴᠠᠭ ᠪᠢᠯᠡ
 ᠵᠥᠩᠨᠡᠯ ᠪᠡᠯᠭᠡ ᠪᠡᠨ ᠳᠡᠭᠡᠵᠢᠯᠡᠭᠡᠳ
 ᠵᠦᠭ ᠵᠦᠭ ᠲᠡᠭᠡᠨ ᠪᠤᠴᠠᠭᠰᠠᠨ ᠪᠢᠯᠡ
 ᠡᠷᠬᠢᠮ ᠨᠠᠨᠳᠢᠨ ᠦᠢᠯᠡᠰ ᠲᠡᠭᠡᠨ
 ᠡᠷ᠎ᠡ ᠵᠣᠷᠢᠭ ᠢ᠋ᠶ᠋ᠠᠷ ᠵᠢᠳᠬᠦᠭᠰᠡᠨ ᠪᠢᠯᠡ
 ᠢᠷᠡᠬᠦ ᠮᠠᠷᠭᠠᠰᠢ ᠶ᠋ᠢᠨ ᠨᠠᠷᠠ ᠪᠠᠨ
 ᠢᠲᠡᠭᠡᠯ ᠬᠦᠰᠡᠯ ᠢ᠋ᠶ᠋ᠡᠷ ᠡᠷᠭᠦᠭᠰᠡᠨ ᠪᠢᠯᠡ
      ᠴᠢ ᠪᠢᠳᠡᠨ ᠦ᠌ ᠨᠥᠬᠥᠷᠯᠡᠯ
      ᠮᠠᠷᠲᠠᠵᠤ ᠴᠢᠳᠠᠬᠤ ᠦᠭᠡᠢ ᠬᠠᠢᠷ᠎ᠠ ᠶᠤᠮ ᠰᠠᠨ
      ᠴᠢ ᠪᠢᠳᠡᠨ ᠦ᠌ ᠦᠶᠡᠷᠬᠡᠯ 
      ᠮᠢᠩᠭᠠᠨ ᠣᠨ ᠤ᠋ ᠳᠤᠷᠠᠳᠬᠠᠯ ᠶᠤᠮ ᠰᠠᠨ

          ᠦᠰᠦᠭ ᠠᠮᠢᠯᠠᠭᠤᠯᠤᠭᠴᠢ᠄ ᠲᠤᠭᠴᠢ ᠯᠤᠪᠰᠠᠩ
          ᠦᠰᠦᠭ ᠬᠠᠳᠠᠭᠴᠢ᠄ ᠪᠠᠢ ᠰᠠᠷᠠᠨ᠎ᠠ
          ᠬᠢᠨᠠᠭᠴᠢ ᠪᠠᠭᠰᠢ᠄ ᠲᠤᠭᠴᠢ ᠯᠤᠪᠰᠠᠩ