ᠵᠡᠭᠦᠳᠦᠨ ᠴᠡᠩᠬᠡᠷ ᠵᠠᠷᠤᠳ - ᠭᠡᠷᠡᠯᠲᠦZüüden tsenkher zaruud-GereltЗүүдэн цэнхэр зарууд-Гэрэлт ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠭᠦᠳᠦᠨ ᠴᠡᠩᠬᠡᠷ ᠵᠠᠷᠤᠳ - ᠭᠡᠷᠡᠯᠲᠦZüüden tsenkher zaruud-GereltЗүүдэн цэнхэр зарууд-Гэрэлт

ᠵᠡᠭᠦᠳᠦᠨ ᠴᠡᠩᠬᠡᠷ ᠵᠠᠷᠤᠳ - ᠭᠡᠷᠡᠯᠲᠦZüüden tsenkher zaruud-GereltЗүүдэн цэнхэр зарууд-Гэрэлт

ᠠᠩᠭᠢᠯᠠᠯ:ᠳᠠᠭᠤᠤ ᠬᠥᠭᠵᠢᠮ
2025-10-28

180

ᠵᠡᠭᠦᠳᠦᠨ ᠴᠡᠩᠬᠡᠷ ᠵᠠᠷᠤᠳ

   ᠦᠭᠡ᠄ ᠨᠠ᠊· ᠬᠥᠬᠡᠰᠢᠭᠤᠢ 
   ᠠᠶ᠎ᠠ᠄ ᠴᠢᠯᠠᠭᠤ 
   ᠬᠥᠭᠵᠢᠮ᠄ ᠲᠤᠯᠭᠠᠭᠤᠷᠢ 
   ᠳᠠᠭᠤᠴᠢᠨ᠄ ᠭᠡᠷᠡᠯᠲᠦ 

ᠡᠭᠦᠯᠡᠨ ᠳ᠋ᠦ᠍ ᠰᠢᠷᠭᠤᠭᠰᠠᠨ ᠲᠠᠪᠤᠨ ᠬᠠᠨ ᠮᠢᠨᠢ 
ᠦᠯᠢᠭᠡᠷ ᠦ᠋ᠨ ᠪᠠᠭᠠᠲᠤᠷ ᠰᠢᠭ᠋ ᠬᠦ ᠰᠡᠬᠦᠢᠨ ᠰᠦᠨᠳᠡᠷᠯᠡᠭᠰᠡᠨ 
ᠦᠶᠡᠯᠵᠡᠨ ᠤᠷᠤᠰᠬᠤ ᠶᠢᠰᠦᠨ ᠭᠣᠣᠯ ᠮᠢᠨᠢ 
ᠬᠤᠭᠤᠷ ᠴᠣᠭᠣᠷ ᠤ᠋ᠨ ᠠᠶᠠᠰ ᠢ᠋ᠶ᠋ᠠᠷ  ᠤᠶᠠᠩᠭᠠᠷᠠᠭᠰᠠᠨ 
ᠥᠪᠥᠷ ᠲᠠᠪᠤᠨ ᠬᠠᠯᠬ᠎ᠠ ᠶ᠋ᠢᠨ ᠡᠯᠢᠭᠡᠨ ᠲᠠᠰᠤᠷᠬᠠᠢ 
ᠥᠷᠥᠴᠡᠨ ᠦ᠌ ᠬᠠᠢᠷ᠎ᠠ ᠶ᠋ᠢ ᠲᠠᠲᠠᠭᠰᠠᠨ 
ᠠᠷᠢᠭᠤᠨ ᠪᠤᠮᠪᠠ ᠶ᠋ᠢᠨ ᠣᠷᠣᠨ᠂ ᠠᠢ ᠬᠦ 
ᠵᠡᠭᠦᠳᠦᠨ ᠴᠡᠩᠬᠡᠷ ᠵᠠᠷᠤᠳ ᠨᠤᠲᠤᠭ ᠮᠢᠨᠢ 
ᠵᠢᠷᠦᠬᠡᠨ ᠡᠴᠡ ᠤᠶᠠᠭᠠᠲᠠᠢ ᠥᠯᠥᠭᠡ  ᠶᠤᠮ ᠠ᠋ ᠬᠦ 
ᠵᠡᠭᠦᠳᠦᠨ ᠴᠡᠩᠬᠡᠷ ᠵᠠᠷᠤᠳ ᠨᠤᠲᠤᠭ ᠮᠢᠨᠢ
ᠵᠢᠷᠦᠬᠡᠨ ᠡᠴᠡ ᠤᠶᠠᠭᠠᠲᠠᠢ ᠨᠤᠲᠤᠭ ᠶᠤᠮ ᠠ᠋ ᠬᠦ
ᠬᠣᠯᠠ ᠶ᠋ᠢᠨ ᠤᠶᠠᠬᠠᠨ ᠨᠡᠭᠦᠳᠡᠯ ᠮᠢᠨᠢ
ᠲᠩᠷᠢ ᠶ᠋ᠢᠨ  ᠬᠠᠶᠠᠭᠠᠨ ᠳ᠋ᠤ᠌ ᠬᠥᠪᠦᠨ ᠬᠥᠪᠦᠨ ᠭᠦᠪᠦᠯᠵᠡᠭᠰᠡᠨ 
ᠬᠤᠷᠭᠠᠨ ᠴᠠᠭᠠᠨ ᠴᠠᠭᠠᠨ ᠡᠭᠦᠯᠡᠰ ᠮᠢᠨᠢ
ᠲᠠᠯ᠎ᠠ ᠶ᠋ᠢᠨ ᠴᠡᠩᠬᠡᠷ ᠠᠭᠤᠳᠠᠮ ᠳ᠋ᠤ᠌ ᠪᠡᠯᠴᠢᠭᠰᠡᠨ
ᠬᠣᠷᠸ᠎ᠠ ᠳ᠋ᠤ᠌ ᠭᠠᠭᠴᠠᠬᠠᠨ ᠨᠠᠰᠤᠨ ᠤ᠋
ᠬᠠᠢᠷ᠎ᠠ ᠶ᠋ᠢᠨ ᠳᠤᠯᠠᠭᠠᠨ ᠪᠠᠭᠤᠴᠠ
ᠬᠣᠨᠣᠭ ᠤ᠋ᠨ ᠵᠡᠭᠦᠳᠦᠨ ᠳ᠋ᠦ᠍ ᠡᠷᠢᠭᠳᠡᠭᠰᠡᠨ
ᠬᠣᠣᠰ ᠦᠭᠡᠢ ᠰᠠᠢᠬᠠᠨ ᠨᠤᠲᠤᠭ ᠶᠤᠮ ᠠ᠋
ᠵᠡᠭᠦᠳᠦᠨ ᠴᠡᠩᠬᠡᠷ ᠵᠠᠷᠤᠳ ᠨᠤᠲᠤᠭ ᠮᠢᠨᠢ
ᠵᠢᠷᠦᠬᠡᠨ ᠡᠴᠡ ᠤᠶᠠᠭᠠᠲᠠᠢ ᠥᠯᠥᠭᠡᠢ  ᠶᠤᠮ ᠠ᠋ ᠬᠦ
ᠵᠡᠭᠦᠳᠦᠨ ᠴᠡᠩᠬᠡᠷ ᠵᠠᠷᠤᠳ ᠨᠤᠲᠤᠭ ᠮᠢᠨᠢ
ᠵᠢᠷᠦᠬᠡᠨ ᠡᠴᠡ ᠤᠶᠠᠭᠠᠲᠠᠢ ᠨᠤᠲᠤᠭ ᠶᠤᠮ ᠠ᠋ ᠬᠦ
ᠵᠢᠷᠦᠬᠡᠨ ᠡᠴᠡ ᠤᠶᠠᠭᠠᠲᠠᠢ ᠨᠤᠲᠤᠭ ᠶᠤᠮ ᠠ᠋ ᠬᠦ!

  ᠦᠰᠦᠭ ᠠᠮᠢᠯᠠᠭᠤᠯᠤᠭᠴᠢ᠄ ᠰᠣᠨᠢᠨᠪᠠᠶᠠᠷ
  ᠦᠰᠦᠭ ᠬᠠᠳᠠᠭᠴᠢ᠄ ᠪᠠᠢ᠂ ᠰᠠᠷᠠᠨ᠎ᠠ
  ᠬᠢᠨᠠᠭᠴᠢ ᠪᠠᠭᠰᠢ᠄ ᠲᠣᠳᠤᠭᠡᠷᠡᠯ᠂  ᠤᠤᠭᠠᠨᠵᠢᠳ