ᠵᠥᠭᠡᠯᠡᠨ ᠪᠣᠷᠣᠭ᠎ᠠ -ᠠᠯᠲᠠᠨᠲᠤᠶᠠᠭ᠎ᠠZöölön boroo-AltantuyaaЗөөлөн бороо-Алтантуяа
ᠵᠥᠭᠡᠯᠡᠨ ᠪᠣᠷᠣᠭ᠎ᠠ
ᠰᠢᠯᠦᠭ᠄ ᠸ᠂ ᠮᠥᠷᠡᠨ
ᠠᠶ᠎ᠠ᠄ ᠨᠠᠨᠳᠢᠨ
ᠳᠠᠭᠤᠴᠢᠨ᠄ ᠠᠯᠲᠠᠨᠲᠤᠶᠠᠭ᠎ᠠ
ᠵᠢᠷᠦᠬᠡᠨ ᠴᠣᠬᠢᠯᠭ᠎ᠠ ᠶ᠋ᠢ ᠳᠠᠭᠠᠨ ᠵᠥᠭᠡᠯᠡᠨ ᠪᠣᠷᠣᠭ᠎ᠠ ᠨᠢ ᠰᠡᠮᠡᠷᠡᠨ᠎ᠡ
ᠵᠦᠢᠯ ᠦ᠋ᠨ ᠪᠣᠳᠣᠯ ᠳ᠋ᠤ᠌ ᠦᠢᠮᠡᠷᠡᠨ ᠤᠶᠠᠷᠠᠨ ᠤᠶᠠᠷᠠᠨ ᠰᠠᠭᠤᠯ᠎ᠠ ᠳᠠ
ᠵᠥᠩᠳᠡᠭᠡᠨ ᠯᠡ ᠢᠨᠢᠶᠡᠮᠰᠦᠭᠯᠡᠭᠡᠳ ᠪᠠᠢᠳᠠᠭ ᠠᠬ᠎ᠠ ᠮᠢᠨᠢ ᠶᠠᠭᠠᠷᠠᠭ᠎ᠠ ᠤᠤ
ᠵᠦᠰᠡᠷ ᠪᠣᠷᠣᠭᠠᠨ ᠤ᠋ ᠳᠤᠮᠳᠠᠭᠤᠷ ᠠᠳᠤᠭᠤ ᠪᠠᠨ ᠬᠠᠷᠢᠭᠤᠯᠵᠤ ᠶᠠᠪᠤᠭ᠎ᠠ ᠤᠤ
ᠵᠥᠭᠡᠯᠡᠨ ᠵᠥᠭᠡᠯᠡᠨ ᠪᠣᠷᠣᠭᠠᠨ ᠵᠦᠰᠡᠷᠡᠭᠡᠳ ᠪᠠᠢᠬᠤ ᠶ᠋ᠢ ᠶᠠᠭᠠᠬᠢᠨ᠎ᠠ
ᠵᠢᠷᠦᠬᠡᠨ ᠦ ᠬᠠᠢᠷᠠᠲᠠᠢ ᠠᠬ᠎ᠠ ᠮᠢᠨᠢ ᠪᠣᠳᠣᠭᠳᠠᠭᠠᠳ ᠪᠠᠢᠬᠤ ᠶ᠋ᠢ ᠶᠠᠭᠠᠬᠢᠨ᠎ᠠ
ᠳᠣᠭᠳᠣᠯᠬᠤ ᠵᠢᠷᠦᠬᠡ ᠶ᠋ᠢ ᠳᠠᠭᠠᠨ ᠲᠣᠷᠭᠠᠨ ᠪᠣᠷᠣᠭ᠎ᠠ ᠨᠢ ᠰᠡᠩᠰᠡᠷᠡᠨᠡ
ᠳᠤᠷᠠᠰᠬᠤ ᠶ᠋ᠢᠨ ᠵᠢᠷᠭᠠᠯ ᠳ᠋ᠤ᠌ ᠤᠮᠪᠠᠨ ᠪᠣᠳᠣᠨ ᠪᠣᠳᠣᠨ ᠰᠠᠭᠤᠯ᠎ᠠ ᠳᠠ
ᠳᠤᠭᠤᠢᠬᠠᠨ ᠢᠨᠢᠶᠡᠮᠰᠦᠭᠯᠡᠭᠡᠳ ᠪᠠᠢᠳᠠᠭ ᠠᠬ᠎ᠠ ᠮᠢᠨᠢ ᠶᠠᠭᠠᠷᠠᠭ᠎ᠠ ᠤᠤ
ᠳᠤᠰᠤᠯᠠᠬᠤ ᠪᠣᠷᠣᠭᠠᠨ ᠤ᠋ ᠳᠤᠮᠳᠠᠭᠤᠷ ᠰᠦᠷᠦᠭ ᠢ᠋ᠶ᠋ᠡᠨ ᠬᠠᠷᠢᠭᠤᠯᠵᠤ ᠶᠠᠪᠤᠭ᠎ᠠ ᠤᠤ
ᠵᠥᠭᠡᠯᠡᠨ ᠵᠥᠭᠡᠯᠡᠨ ᠪᠣᠷᠣᠭᠠᠨ ᠵᠦᠰᠡᠷᠡᠭᠡᠳ ᠪᠠᠢᠬᠤ ᠶ᠋ᠢ ᠶᠠᠭᠠᠬᠢᠨ᠎ᠠ
ᠵᠢᠷᠦᠬᠡᠨ ᠦ ᠬᠠᠢᠷᠠᠲᠠᠢ ᠠᠬ᠎ᠠ ᠮᠢᠨᠢ ᠪᠣᠳᠣᠭᠳᠠᠭᠠᠳ ᠪᠠᠢᠬᠤ ᠶ᠋ᠢ ᠶᠠᠭᠠᠬᠢᠨ᠎ᠠ
ᠪᠤᠯᠭᠢᠯᠠᠬᠤ ᠵᠢᠷᠦᠬᠡ ᠶ᠋ᠢ ᠳᠠᠭᠠᠨ ᠨᠠᠮᠢᠷᠠᠭ᠎ᠠ ᠪᠣᠷᠣᠭᠠᠨ ᠨᠢ ᠰᠢᠪᠡᠷᠡᠨ᠎ᠡ
ᠪᠣᠳᠣᠯ ᠤ᠋ᠨ ᠰᠢᠵᠢᠮ ᠳ᠋ᠦ᠍ ᠲᠠᠲᠠᠭᠳᠠᠨ ᠰᠠᠨᠠᠨ ᠰᠠᠨᠠᠨ ᠰᠠᠭᠤᠯ᠎ᠠ ᠳᠠ
ᠪᠣᠷᠣᠬᠠᠨ ᠬᠥᠳᠡᠭᠡᠯᠢᠭ ᠰᠠᠢᠬᠠᠨ ᠠᠬ᠎ᠠ ᠮᠢᠨᠢ ᠶᠠᠭᠠᠷᠠᠭ᠎ᠠ ᠤᠤ
ᠪᠣᠷᠣᠭᠠᠨ ᠲᠠᠢ ᠲᠠᠯ᠎ᠠ ᠶ᠋ᠢᠨ ᠢ᠋ᠶ᠋ᠡᠨ ᠳᠤᠮᠳᠠᠭᠤᠷ ᠵᠤᠰᠠᠭᠠᠯ ᠵᠦᠭ ᠢ᠋ᠶ᠋ᠡᠨ ᠶᠠᠪᠤᠭ᠎ᠠ ᠤᠤ
ᠵᠥᠭᠡᠯᠡᠨ ᠵᠥᠭᠡᠯᠡᠨ ᠪᠣᠷᠣᠭᠠᠨ ᠵᠦᠰᠡᠷᠡᠭᠡᠳ ᠪᠠᠢᠬᠤ ᠶ᠋ᠢ ᠶᠠᠭᠠᠬᠢᠨ᠎ᠠ
ᠵᠢᠷᠦᠬᠡᠨ ᠦ ᠬᠠᠢᠷᠠᠲᠠᠢ ᠠᠬ᠎ᠠ ᠮᠢᠨᠢ ᠪᠣᠳᠣᠭᠳᠠᠭᠠᠳ ᠪᠠᠢᠬᠤ ᠶ᠋ᠢ ᠶᠠᠭᠠᠬᠢᠨ᠎ᠠ
ᠵᠥᠭᠡᠯᠡᠨ ᠵᠥᠭᠡᠯᠡᠨ ᠪᠣᠷᠣᠭᠠᠨ ᠵᠦᠰᠡᠷᠡᠭᠡᠳ ᠪᠠᠢᠬᠤ ᠶ᠋ᠢ ᠶᠠᠭᠠᠬᠢᠨ᠎ᠠ
ᠵᠢᠷᠦᠬᠡᠨ ᠦ ᠬᠠᠢᠷᠠᠲᠠᠢ ᠠᠬ᠎ᠠ ᠮᠢᠨᠢ ᠪᠣᠳᠣᠭᠳᠠᠭᠠᠳ ᠪᠠᠢᠬᠤ ᠶ᠋ᠢ ᠶᠠᠭᠠᠬᠢᠨ᠎ᠠ
ᠪᠣᠳᠣᠭᠳᠠᠭᠠᠳ ᠪᠠᠢᠬᠤ ᠶ᠋ᠢ ᠶᠠᠭᠠᠬᠢᠨ᠎ᠠ
ᠦᠰᠦᠭ ᠠᠮᠢᠯᠠᠭᠤᠯᠤᠭᠴᠢ᠄ ᠮᠥᠩᠭᠥᠨ
ᠦᠰᠦᠭ ᠬᠠᠲᠠᠭᠴᠢ᠄ ᠮᠥᠩᠭᠥᠨ
ᠬᠢᠨᠠᠭᠴᠢ᠄ ᠣᠳᠬᠠᠨᠰᠣ᠎ᠠ
