ᠨᠣᠭᠣᠭᠠᠨ ᠰᠠᠷᠠᠨᠠᠢ - ᠪ ∙ ᠤᠷᠠᠨᠵᠠᠶᠠᠭ᠎ᠠ Nogoon sarnai - B.UranzayaaНогоон сарнай - Б.Уранзаяа
ᠨᠣᠭᠣᠭᠠᠨ ᠰᠠᠷᠠᠨᠠᠢ
ᠦᠭᠡ᠄ ᠷ• ᠥᠨᠢᠷᠵᠢᠷᠭᠠᠯ
ᠠᠶ᠎ᠠ᠄ ᠲ• ᠪᠠᠲᠤᠮᠠᠨᠳᠤᠬᠤ
ᠳᠠᠭᠤᠴᠢᠨ᠄ ᠤ᠋•ᠤᠷᠠᠨᠵᠢᠶᠠᠭᠠ
ᠰᠢᠪᠠᠭᠤᠳ ᠵᠡᠯᠡᠯᠡᠬᠦ ᠭᠡᠭᠡᠨ ᠦᠦᠷ ᠢ᠋ᠶ᠋ᠡᠷ ᠨᠢ
ᠰᠢᠩᠬᠤᠨ ᠤᠯᠠᠭᠠᠨ ᠨᠠᠷᠠ ᠲᠠᠢ ᠵᠣᠯᠭᠠᠭᠠᠳ
ᠪᠤᠢᠳᠠᠬᠠᠨ ᠬᠢᠯᠢ ᠶ᠋ᠢᠨ ᠲᠠᠩᠭᠠᠷᠢᠭᠲᠤ ᠠᠯᠪᠠᠨ ᠳ᠋ᠠᠭᠠᠨ
ᠪᠤᠯᠪᠠᠷᠠᠢ ᠪᠦᠰᠡᠭᠦᠢ ᠡᠬᠡ ᠣᠷᠣᠨ ᠤ᠋ ᠲᠥᠯᠥᠭᠡ
ᠲᠠᠩᠭᠠᠷᠢᠭ ᠡᠷᠭᠦᠨ ᠵᠣᠭᠰᠣᠳᠠᠭ ᠶᠤᠮ᠃
ᠴᠡᠩᠬᠡᠷ ᠳᠤᠷᠳᠤᠩ ᠬᠢᠵᠠᠭᠠᠷ ᠲᠤ᠌ ᠰᠠᠭᠤᠭ᠎ᠠ
ᠴᠡᠮᠴᠡᠭᠡᠷ ᠪᠦᠰᠡᠭᠦᠢ ᠴᠡᠷᠢᠭ ᠦ᠋ᠨ ᠪᠦᠰᠡᠭᠦᠢ
ᠬᠡ ᠲᠡᠢ ᠲᠣᠷᠭᠠᠨ ᠨᠤᠲᠤᠭ ᠢ᠋ᠶ᠋ᠠᠨ ᠮᠠᠨᠠᠭᠰᠠᠨ
ᠬᠡᠭᠡᠨᠴᠢᠷ ᠪᠦᠰᠡᠭᠦᠢ ᠬᠢᠯᠢᠴᠢᠨ ᠪᠦᠰᠡᠭᠦᠢ᠃
ᠰᠣᠷᠮᠤᠤᠰᠤ ᠴᠠᠩᠲᠤᠬᠤ ᠵᠢᠪᠠᠷᠲᠤ ᠡᠪᠦᠯ ᠢ᠋ᠶ᠋ᠡᠷ ᠨᠢ
ᠰᠣᠨᠳᠣᠷ ᠮᠥᠩᠭᠥᠨ ᠰᠠᠷ᠎ᠠ ᠲᠠᠢ ᠬᠠᠨᠢᠰᠠᠭᠠᠳ
ᠠᠯᠤᠰᠬᠠᠨ ᠬᠢᠯᠢ ᠶ᠋ᠢᠨ ᠲᠠᠩᠭᠠᠷᠢᠭᠲᠤ ᠠᠯᠪᠠᠨ ᠳ᠋ᠠᠭᠠᠨ
ᠠᠯᠳᠠᠷᠠᠢ ᠪᠦᠰᠡᠭᠦᠢ ᠡᠬᠡ ᠣᠷᠣᠨ ᠤ᠋ ᠲᠥᠯᠥᠭᠡ
ᠲᠠᠩᠭᠠᠷᠢᠭ ᠡᠷᠭᠦᠨ ᠵᠣᠭᠰᠣᠳᠠᠭ ᠶᠤᠮ᠃
ᠴᠡᠩᠬᠡᠷ ᠳᠤᠷᠳᠤᠩ ᠬᠢᠵᠠᠭᠠᠷ ᠲᠤ᠌ ᠰᠠᠭᠤᠭ᠎ᠠ
ᠴᠡᠮᠴᠡᠭᠡᠷ ᠪᠦᠰᠡᠭᠦᠢ ᠴᠡᠷᠢᠭ ᠦ᠋ᠨ ᠪᠦᠰᠡᠭᠦᠢ
ᠬᠡ ᠲᠡᠢ ᠲᠣᠷᠭᠠᠨ ᠨᠤᠲᠤᠭ ᠢ᠋ᠶ᠋ᠠᠨ ᠮᠠᠨᠠᠭᠰᠠᠨ
ᠬᠡᠭᠡᠨᠴᠢᠷ ᠪᠦᠰᠡᠭᠦᠢ ᠬᠢᠯᠢᠴᠢᠨ ᠪᠦᠰᠡᠭᠦᠢ᠃
ᠪᠣᠷᠣᠭ᠎ᠠ ᠵᠦᠰᠡᠷᠡᠬᠦ ᠵᠤᠨ ᠤ᠋ ᠦᠳᠡᠰᠢ ᠪᠡᠷ ᠨᠢ
ᠪᠣᠳᠣᠯ ᠨᠤᠷᠠᠭᠠᠬᠤ ᠰᠥᠨᠢ ᠶ᠋ᠢ ᠰᠦᠯᠡᠭᠡᠳ
ᠳᠠᠷᠬᠠᠨ ᠬᠢᠯᠢ ᠶ᠋ᠢᠨ ᠲᠠᠩᠭᠠᠷᠢᠭᠲᠤ ᠠᠯᠪᠠᠨ ᠳ᠋ᠠᠭᠠᠨ
ᠳᠠᠷᠤᠤ ᠪᠦᠰᠡᠭᠦᠢ ᠡᠬᠡ ᠣᠷᠣᠨ ᠤ᠋ ᠲᠥᠯᠥᠭᠡ
ᠲᠠᠩᠭᠠᠷᠢᠭ ᠡᠷᠭᠦᠨ ᠵᠣᠭᠰᠣᠳᠠᠭ ᠶᠤᠮ᠃
ᠴᠡᠩᠬᠡᠷ ᠳᠤᠷᠳᠤᠩ ᠬᠢᠵᠠᠭᠠᠷ ᠲᠤ᠌ ᠰᠠᠭᠤᠭ᠎ᠠ
ᠴᠡᠮᠴᠡᠭᠡᠷ ᠪᠦᠰᠡᠭᠦᠢ ᠴᠡᠷᠢᠭ ᠦ᠋ᠨ ᠪᠦᠰᠡᠭᠦᠢ
ᠬᠡ ᠲᠡᠢ ᠲᠣᠷᠭᠠᠨ ᠨᠤᠲᠤᠭ ᠢ᠋ᠶ᠋ᠠᠨ ᠮᠠᠨᠠᠭᠰᠠᠨ
ᠬᠡᠭᠡᠨᠴᠢᠷ ᠪᠦᠰᠡᠭᠦᠢ ᠬᠢᠯᠢᠴᠢᠨ ᠪᠦᠰᠡᠭᠦᠢ᠃
ᠴᠡᠩᠬᠡᠷ ᠳᠤᠷᠳᠤᠩ ᠬᠢᠵᠠᠭᠠᠷ ᠲᠤ᠌ ᠰᠠᠭᠤᠭ᠎ᠠ
ᠴᠡᠮᠴᠡᠭᠡᠷ ᠪᠦᠰᠡᠭᠦᠢ ᠴᠡᠷᠢᠭ ᠦ᠋ᠨ ᠪᠦᠰᠡᠭᠦᠢ
ᠬᠡ ᠲᠡᠢ ᠲᠣᠷᠭᠠᠨ ᠨᠤᠲᠤᠭ ᠢ᠋ᠶ᠋ᠠᠨ ᠮᠠᠨᠠᠭᠰᠠᠨ
ᠬᠡᠭᠡᠨᠴᠢᠷ ᠪᠦᠰᠡᠭᠦᠢ ᠬᠢᠯᠢᠴᠢᠨ ᠪᠦᠰᠡᠭᠦᠢ
ᠬᠡᠭᠡᠨᠴᠢᠷ ᠪᠦᠰᠡᠭᠦᠢ ᠬᠢᠯᠢᠴᠢᠨ ᠪᠦᠰᠡᠭᠦᠢ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
