ᠰᠡᠳᠬᠢᠯ ᠬᠥᠭᠯᠡᠭᠰᠡᠨ ᠨᠠᠮᠤᠷ-ᠳᠠᠸᠠᠳᠠᠯᠠᠢ Setgel Huglusun Namar-DAVAADALAI Сэтгэл хөглөсөн намар-Даваадалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠳᠬᠢᠯ ᠬᠥᠭᠯᠡᠭᠰᠡᠨ ᠨᠠᠮᠤᠷ-ᠳᠠᠸᠠᠳᠠᠯᠠᠢ Setgel Huglusun Namar-DAVAADALAI Сэтгэл хөглөсөн намар-Даваадалай

ᠰᠡᠳᠬᠢᠯ ᠬᠥᠭᠯᠡᠭᠰᠡᠨ ᠨᠠᠮᠤᠷ-ᠳᠠᠸᠠᠳᠠᠯᠠᠢ Setgel Huglusun Namar-DAVAADALAI Сэтгэл хөглөсөн намар-Даваадалай

ᠠᠩᠭᠢᠯᠠᠯ:ᠳᠠᠭᠤᠤ ᠬᠥᠭᠵᠢᠮ
2025-10-25

400

ᠰᠡᠳᠬᠢᠯ ᠬᠥᠭᠯᠡᠭᠰᠡᠨ ᠨᠠᠮᠤᠷ


     ᠦᠭᠡ᠄ ᠰᠤᠤᠸ᠎ᠠ ᠶ᠋ᠢᠨ ᠴᠠᠭᠠᠨᠵᠠᠭᠠᠨ 
     ᠠᠶ᠎ᠠ᠄ ᠰᠣᠳᠤᠭᠡᠷᠡᠯ ᠦ᠋ᠨ ᠠᠯᠲᠠᠨᠪᠦ᠋ᠷᠭᠦᠳ 
     ᠳᠠᠭᠤᠴᠢᠨ᠄ ᠭ· ᠳᠠᠸᠠᠳᠠᠯᠠᠢ 

ᠤᠶᠠᠩᠭ᠎ᠠ ᠲᠠᠢ ᠨᠠᠮᠤᠷ ᠤ᠋ᠨ ᠰᠡᠷᠢᠭᠦᠨ ᠦᠳᠡᠰᠢ ᠪᠡᠷ 
ᠤᠢᠳᠬᠠᠷ ᠦᠷᠭᠦᠭᠡᠵᠦ ᠴᠢᠮᠠᠶ᠋ᠢ ᠪᠠᠨ ᠰᠠᠨᠠᠳᠠᠭ 
ᠤᠬᠠᠭᠠᠵᠢᠬᠤ ᠶ᠋ᠢᠨ ᠬᠢᠷᠢ ᠪᠡᠷ ᠪᠣᠳᠣᠯ ᠢ᠋ᠶ᠋ᠠᠨ ᠴᠡᠭᠴᠡᠯᠡᠭᠡᠳ 
ᠤᠯᠠᠮ ᠶᠡᠬᠡ ᠪᠡᠷ ᠴᠢᠮᠠᠶ᠋ᠢ ᠪᠠᠨ ᠰᠠᠨᠠᠳᠠᠭ 
ᠠᠷᠢᠭᠤᠬᠠᠨ ᠰᠡᠳᠬᠢᠯ ᠦ᠋ᠨ ᠪᠣᠳᠣᠯ ᠳ᠋ᠤ᠌ ᠬᠥᠲᠥᠯᠦᠭᠳᠡᠭᠡᠳ 
ᠠᠮᠢᠨ ᠵᠢᠷᠦᠬᠡᠨ ᠳ᠋ᠡᠭᠡᠨ ᠴᠢᠮᠠᠶ᠋ᠢ ᠪᠠᠨ ᠰᠠᠨᠠᠳᠠᠭ 
ᠠᠷᠢᠭᠤᠬᠠᠨ ᠰᠡᠳᠬᠢᠯ ᠦ᠋ᠨ ᠪᠣᠳᠣᠯ ᠳ᠋ᠤ᠌ ᠬᠥᠲᠥᠯᠦᠭᠳᠡᠭᠡᠳ 
ᠠᠮᠢᠨ ᠵᠢᠷᠦᠬᠡᠨ ᠳ᠋ᠡᠭᠡᠨ ᠴᠢᠮᠠᠶ᠋ᠢ ᠪᠠᠨ ᠰᠠᠨᠠᠳᠠᠭ 

ᠤᠬᠠᠭᠠᠷᠠᠵᠤ ᠠᠮᠢᠳᠤᠷᠠᠬᠤ ᠡᠨᠡᠬᠡᠨ ᠬᠣᠷᠸ᠎ᠠ ᠳ᠋ᠤ᠌
ᠬᠥᠮᠦᠨ ᠦ᠌ ᠳᠡᠭᠡᠳᠦ ᠴᠢᠮᠠᠶ᠋ᠢ ᠪᠠᠨ ᠰᠠᠨᠠᠳᠠᠭ
ᠤᠷᠲᠤ ᠠᠮᠢᠳᠤᠷᠠᠯ ᠤ᠋ᠨ ᠲᠦᠮᠡᠨ ᠨᠣᠭᠤᠴᠠᠭᠠᠨ ᠳ᠋ᠤ᠌
ᠠᠭᠤᠵᠢᠭᠤ ᠰᠡᠳᠬᠢᠯ ᠢ᠋ᠶ᠋ᠡᠷ ᠴᠢᠮᠠᠶ᠋ᠢ ᠪᠠᠨ ᠰᠠᠨᠠᠳᠠᠭ
ᠠᠷᠢᠭᠤᠬᠠᠨ ᠰᠡᠳᠬᠢᠯ ᠦ᠋ᠨ ᠪᠣᠳᠣᠯ ᠳ᠋ᠤ᠌ ᠬᠥᠲᠥᠯᠦᠭᠳᠡᠭᠡᠳ
ᠠᠮᠢᠨ ᠵᠢᠷᠦᠬᠡᠨ ᠳ᠋ᠡᠭᠡᠨ ᠴᠢᠮᠠᠶ᠋ᠢ ᠪᠠᠨ ᠰᠠᠨᠠᠳᠠᠭ

ᠡᠨᠡᠬᠡᠨ ᠽᠠᠮᠪᠤᠯᠢᠩ ᠤ᠋ᠨ ᠬᠠᠨᠢᠰᠠᠬᠤ ᠵᠠᠶᠠᠭᠠᠨ ᠳ᠋ᠤ᠌
ᠡᠩᠬᠦᠷᠡᠢ ᠬᠣᠩᠭᠣᠷ ᠴᠢᠮᠠᠶ᠋ᠢ ᠪᠠᠨ ᠰᠠᠨᠠᠳᠠᠭ
ᠨᠠᠮᠤᠷ ᠪᠤᠴᠠᠬᠤ ᠰᠢᠪᠠᠭᠤᠳ ᠤ᠋ᠨ ᠭᠠᠩᠭᠠᠨᠠᠭᠠᠨ ᠳ᠋ᠤ᠌
ᠨᠠᠰᠤ ᠪᠠᠨ ᠢᠯᠡᠭᠡᠵᠦ ᠴᠢᠮᠠᠶ᠋ᠢ ᠪᠠᠨ ᠰᠠᠨᠠᠳᠠᠭ
ᠠᠷᠢᠭᠤᠬᠠᠨ ᠰᠡᠳᠬᠢᠯ ᠦ᠋ᠨ ᠪᠣᠳᠣᠯ ᠳ᠋ᠤ᠌ ᠬᠥᠲᠥᠯᠦᠭᠳᠡᠭᠡᠳ
ᠠᠮᠢᠨ ᠵᠢᠷᠦᠬᠡᠨ ᠳ᠋ᠡᠭᠡᠨ ᠴᠢᠮᠠᠶ᠋ᠢ ᠪᠠᠨ ᠰᠠᠨᠠᠳᠠᠭ
ᠠᠮᠢᠨ ᠵᠢᠷᠦᠬᠡᠨ ᠳ᠋ᠡᠭᠡᠨ ᠴᠢᠮᠠᠶ᠋ᠢ ᠪᠠᠨ ᠰᠠᠨᠠᠳᠠᠭ

ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ· ᠰᠠᠷᠠᠨ᠎ᠠ
ᠬᠢᠨᠠᠭᠴᠢ ᠪᠠᠭᠰᠢ᠄ ᠲᠣᠳᠤᠭᠡᠷᠡᠯ