ᠤᠴᠠᠷᠠᠯ ᠡᠷᠳᠡᠨᠢУчрал эрдэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠴᠠᠷᠠᠯ ᠡᠷᠳᠡᠨᠢУчрал эрдэн

ᠤᠴᠠᠷᠠᠯ ᠡᠷᠳᠡᠨᠢУчрал эрдэн

ᠠᠩᠭᠢᠯᠠᠯ:ᠳᠠᠭᠤᠤ ᠬᠥᠭᠵᠢᠮ
2022-10-17

337

ᠣᠨᠴᠠᠷᠠᠯ ᠡᠷᠳᠡᠨᠢ

         ᠰᠢᠯᠦᠭ ᠄ ᠨ ᠂ ᠨᠠᠰᠤᠨ
       ᠠᠶᠠᠯᠭᠤ ᠄ ᠠᠩᠬᠠᠪᠠᠶᠠᠷ
       ᠲᠠᠭᠤᠴᠢᠨ ᠄ ᠲᠦᠭᠦᠷᠡᠨᠵᠢᠷᠭᠠᠯ
  ᠨᠠᠷᠠᠨ ᠠᠷᠭᠠᠲᠠᠬᠤ ᠴᠡᠴᠡᠭ  ‍ᠤᠨ ᠭᠡᠭᠡᠬᠡᠨ ᠰᠢᠭᠦᠲᠡᠷᠢ
  ᠨᠠᠶ᠋ᠢᠷ ᠬᠥᠭᠯᠡᠬᠦ ᠴᠡᠭᠡᠵᠢᠨ ‍ᠤ ᠮᠢᠨᠢ ᠢᠷᠠᠭᠤᠬᠠᠨ ᠴᠢᠪᠬᠠᠲᠠᠰᠤ
  ᠨᠠᠲᠠ᠎ ‍ᠳᠤ ᠠᠷᠭᠠᠮᠵᠢᠬᠤ ᠵᠢᠷᠦᠬᠡᠨ ‍ᠤ ᠮᠢᠨᠢ ᠬᠠᠯᠠᠭᠤᠬᠠᠨ ᠤᠶᠠᠬ᠋᠎ᠠ
  ᠨᠠᠮ᠎ᠠ ‍ᠶ᠋ᠢ ᠲᠣᠪᠬᠢᠲᠠᠬᠤ ᠬᠣᠷᠸ᠋᠎ᠠ ‍ᠶ᠋ᠢᠨ ᠢᠷᠠᠭᠤᠬᠠᠨ ᠵᠠᠶᠠᠬ᠋᠎ᠠ
  ᠬᠠᠶ᠋ᠢᠷ᠎ᠠ ᠬᠡᠮᠡᠬᠦ ᠬᠠᠯᠠᠭᠤᠨ ᠴᠡᠭᠡᠵᠢᠨ ‍ᠲᠦ ᠪᠠᠤᠠᠮᠠᠯᠠᠭᠰᠠᠨ ᠢᠷᠦᠭᠡᠯ ᠴᠡᠴᠡᠭ
  ᠬᠠᠶ᠋ᠢᠷ᠎ᠠ ᠬᠡᠮᠡᠬᠦ ᠬᠠᠨᠢ ᠴᠢᠮ᠎ᠠ ᠳ᠋ᠠᠭᠠᠨ ᠪᠡᠯᠡᠭᠯᠡᠭᠰᠡᠨ ᠤᠴᠠᠷᠠᠯ ᠡᠷᠲᠡᠨᠢ
  ᠰᠠᠷᠠᠨ ᠴᠢᠩᠨᠠᠬᠤ ᠰᠠᠯᠬᠢᠨ ‍ᠤ ᠵᠥᠭᠡᠯᠡᠨ ᠰᠢᠪᠡᠨᠡᠭᠡ
  ᠰᠠᠭᠠᠲᠤᠨ ᠬᠦᠯᠢᠶᠡᠬᠦ ᠪᠣᠲᠣᠯ ‍ᠤᠨ ᠮᠢᠨᠢ ᠰᠡᠮᠬᠡᠨ ᠪᠣᠯᠭᠢᠶ᠎ᠠ
  ᠵᠡᠭᠦᠲᠦᠨ ‍ᠲᠦ ᠲᠣᠷᠮᠣᠶ᠋ᠢᠬᠤ ᠣᠲᠣᠳ ‍ᠤᠨ ᠤᠶᠠᠩᠬ᠋᠎ᠠ ᠎ᠲᠠᠢ ᠲᠤᠷᠠᠯᠠᠯ
  ᠵᠢᠷᠦᠬᠡᠨ ‍ᠲᠦ ᠮᠠᠨᠲᠤᠬᠤ ᠨᠠᠷᠠᠨ ‍ᠤ ᠭᠡᠷᠡᠯ ᠎ᠲᠡᠢ ᠵᠢᠷᠭᠠᠯ
  ᠬᠠᠶ᠋ᠢᠷ᠎ᠠ ᠬᠡᠮᠡᠬᠦ ᠬᠠᠯᠠᠭᠤᠨ ᠴᠡᠭᠡᠵᠢᠨ ‍ᠲᠦ ᠪᠠᠤᠠᠮᠠᠯᠠᠭᠰᠠᠨ ᠢᠷᠦᠭᠡᠯ ᠴᠡᠴᠡᠭ
  ᠬᠠᠶ᠋ᠢᠷ᠎ᠠ ᠬᠡᠮᠡᠬᠦ ᠬᠠᠨᠢ ᠴᠢᠮ᠎ᠠ ᠳ᠋ᠠᠭᠠᠨ ᠪᠡᠯᠡᠭᠯᠡᠭᠰᠡᠨ ᠤᠴᠠᠷᠠᠯ ᠡᠷᠲᠡᠨᠢ
  ᠲᠡᠯᠡᠬᠡᠢ ᠲᠤᠯᠠᠭᠠᠴᠠᠬᠤ ᠭᠠᠯ ‍ᠤᠨ ᠠᠯᠲᠠᠩᠬᠠᠨ ᠲᠥᠯᠥ
  ᠡᠪᠯᠡᠵᠦ ᠲᠦᠪᠬᠢᠨᠡᠬᠦ ᠠᠵᠠ ‍ᠶ᠋ᠢᠨ ᠴᠠᠭᠠᠬᠠᠨ ᠥᠷᠭᠥᠭᠡ
  ᠲᠡᠷᠪᠡᠭᠦᠯᠵᠦ ᠦᠨᠦᠷᠯᠡᠬᠦ ᠦᠷᠡᠰ ‍ᠦᠨ ᠮᠢᠨᠢ ᠰᠦ᠋ ᠎ᠲᠡᠢ ᠵᠤᠯᠠᠢ
  ᠲᠡᠭᠡᠲᠦᠯᠡᠵᠦ ᠰᠢᠲᠦᠬᠦ ᠦᠨᠡᠨ ‍ᠦ ᠲᠠᠭᠤᠤ ᠎ᠲᠠᠢ ᠣᠷᠴᠢᠯᠠᠩ