ᠬᠥᠬᠡ ᠳᠠᠯᠢᠩᠪᠤᠨ ᠲᠡᠷᠯᠢᠭ -ᠠᠷᠢᠭᠤᠨ᠎ᠠKhökh daalimban terleg-AriunaaХөх даалимбан тэрлэг-Ариунаа
ᠬᠥᠬᠡ ᠳᠠᠯᠢᠩᠪᠤᠨ ᠲᠡᠷᠯᠢᠭ
ᠦᠭᠡ᠄ ᠫᠦᠷᠪᠦᠳᠣᠷᠵᠢ
ᠠᠶ᠎ᠠ᠄ ᠳ· ᠪᠠᠳᠠᠷᠠᠴᠢ
ᠳᠠᠭᠤᠴᠢᠨ᠄ ᠠᠷᠢᠭᠤᠨ᠎ᠠ
ᠠᠳᠤᠭᠤᠴᠢᠨ ᠠᠪᠤ ᠶ᠋ᠢᠨ ᠬᠦᠦ ᠪᠢᠯᠡ
ᠠᠭᠲᠠ ᠶ᠋ᠢᠨ ᠲᠣᠭᠣᠰᠣᠨ ᠳ᠋ᠤ᠌ ᠲᠥᠷᠥᠭᠰᠡᠨ ᠪᠢᠯᠡ᠂
ᠠᠯᠢᠮ᠎ᠠ ᠠ᠋ᠴᠠ ᠤᠨᠠᠭᠰᠠᠨ ᠠᠯᠢᠮ᠎ᠠ ᠪᠢᠯᠡ
ᠠᠮᠢᠨ ᠠ᠋ᠴᠠ ᠤᠨᠠᠭᠰᠠᠨ ᠠᠮᠢ ᠪᠢᠯᠡ᠃
ᠰᠠᠭᠠᠯᠢᠴᠢᠨ ᠡᠵᠢ ᠶ᠋ᠢᠨ ᠬᠦᠦ ᠪᠢᠯᠡ
ᠰᠠᠭᠠᠯᠢ ᠲᠠᠢ ᠡᠩᠭᠡᠷ ᠡᠴᠡ ᠤᠨᠠᠭᠰᠠᠨ ᠪᠢᠯᠡ᠂
ᠰᠠᠷ᠎ᠠ ᠦᠭᠡᠢ ᠰᠥᠨᠢ ᠶ᠋ᠢᠨ ᠰᠠᠷᠠᠨ ᠪᠢᠯᠡ
ᠰᠠᠷ᠎ᠠ ᠲᠠᠢ ᠰᠥᠨᠢ ᠶ᠋ᠢᠨ ᠨᠠᠷᠠᠨ ᠪᠢᠯᠡ᠃
ᠰᠠᠷ᠎ᠠ ᠦᠭᠡᠢ ᠰᠥᠨᠢ ᠶ᠋ᠢᠨ ᠰᠠᠷᠠᠨ ᠪᠢᠯᠡ
ᠰᠠᠷ᠎ᠠ ᠲᠠᠢ ᠰᠥᠨᠢ ᠶ᠋ᠢᠨ ᠨᠠᠷᠠᠨ ᠪᠢᠯᠡ
ᠠᠪᠤ ᠶ᠋ᠢᠨ ᠦᠭᠡᠢ ᠳ᠋ᠦ᠍ ᠠᠪᠤ ᠪᠣᠯᠤᠭᠰᠠᠨ
ᠠᠷᠠᠳ ᠣᠯᠠᠨ ᠢ᠋ᠶ᠋ᠠᠨ ᠬᠠᠢᠷᠠᠯᠠᠵᠤ ᠶᠠᠪᠤᠭᠠᠷᠠᠢ!
ᠠᠰᠤᠷᠤ ᠶᠡᠬᠡ ᠦᠨ᠎ᠡ ᠪᠡᠷ ᠣᠯᠤᠭᠰᠠᠨ
ᠠᠵᠠ ᠵᠢᠷᠭᠠᠯ ᠢ᠋ᠶ᠋ᠠᠨ ᠬᠠᠮᠠᠭᠠᠯᠠᠵᠤ ᠶᠠᠪᠤᠭᠠᠷᠠᠢ!
ᠠᠰᠤᠷᠤ ᠶᠡᠬᠡ ᠦᠨ᠎ᠡ ᠪᠡᠷ ᠣᠯᠤᠭᠰᠠᠨ
ᠠᠵᠠ ᠵᠢᠷᠭᠠᠯ ᠢ᠋ᠶ᠋ᠠᠨ ᠬᠠᠮᠠᠭᠠᠯᠠᠵᠤ ᠶᠠᠪᠤᠭᠠᠷᠠᠢ!
ᠦᠰᠦᠭ ᠠᠮᠢᠯᠠᠭᠤᠯᠤᠭᠴᠢ᠄ ᠡᠷᠳᠡᠮᠲᠦ
ᠦᠰᠦᠭ ᠬᠠᠲᠠᠭᠴᠢ᠄ ᠡᠷᠳᠡᠮᠲᠦ
ᠬᠢᠨᠠᠭᠴᠢ ᠪᠠᠭᠰᠢ᠄ ᠣᠳᠬᠠᠨᠰᠣ᠎ᠠ
