ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠳᠥᠷᠪᠡ᠂ ᠳ᠋ᠦᠩᠨᠡᠬᠦ ᠢᠨᠦ Эр эмийн ёсон – Д᠂ Болдцэрэн <3-р бүлэг> - 4᠂ Дүгнэх ино ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠳᠥᠷᠪᠡ᠂ ᠳ᠋ᠦᠩᠨᠡᠬᠦ ᠢᠨᠦ Эр эмийн ёсон – Д᠂ Болдцэрэн <3-р бүлэг> - 4᠂ Дүгнэх ино

ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠳᠥᠷᠪᠡ᠂ ᠳ᠋ᠦᠩᠨᠡᠬᠦ ᠢᠨᠦ Эр эмийн ёсон – Д᠂ Болдцэрэн <3-р бүлэг> - 4᠂ Дүгнэх ино

ᠠᠩᠭᠢᠯᠠᠯ:ᠡᠷᠡᠭᠦᠯ ᠡᠩᠬᠡ
2025-10-22

445


       ᠽᠠᠮᠪᠤᠯᠢᠩ ᠬᠣᠷᠸ᠎ᠠ ᠶ᠋ᠢᠨ ᠪᠦᠬᠦ ᠬᠥᠮᠦᠰ ᠲᠦ᠍ ᠠᠷᠠᠰᠤ ᠥᠩᠭᠡ᠂ ᠠᠯᠪᠠᠨ ᠲᠣᠬᠢᠶᠠᠯ᠂ ᠠᠮᠵᠢᠷᠭᠠᠨ ᠤ᠋ ᠲᠦᠪᠰᠢᠨ ᠵᠡᠷᠭᠡ ᠡᠴᠡ ᠦᠯᠦ ᠬᠠᠮᠢᠶᠠᠷᠤᠨ ᠢᠪ ᠢᠵᠢᠯᠬᠡᠨ ᠣᠨᠣᠭᠠᠭᠳᠠᠬᠤ ᠨᠢᠭᠡ ᠶᠡᠬᠡ ᠠᠵᠠ ᠬᠤᠪᠢ ᠪᠣᠯ ᠡᠭᠦᠯᠡ ᠪᠣᠷᠣᠭᠠᠨ ᠤ᠋ ᠶᠠᠪᠤᠳᠠᠯ ᠪᠤᠶᠤ ᠡᠷ᠎ᠡ ᠡᠮ᠎ᠡ ᠶ᠋ᠢᠨ ᠶᠣᠰᠣᠨ ᠪᠢᠯᠡ᠃ ᠮᠣᠩᠭᠣᠯ ᠲᠤᠭᠤᠷᠭᠠᠲᠠᠨ ᠥᠨᠥ ᠡᠷᠲᠡᠨ ᠦ᠌ ᠴᠠᠭ ᠠ᠋ᠴᠠ ᠡᠯ᠎ᠡ ᠡᠷᠬᠢᠮ ᠶᠣᠰᠣ ᠶ᠋ᠢ ᠨᠠᠨᠳᠢᠩᠨᠠᠨ ᠬᠠᠢᠷᠠᠯᠠᠵᠤ᠂ ᠬᠦᠨᠳᠦᠳᠬᠡᠨ ᠳᠡᠭᠡᠳᠦᠯᠡᠵᠦ ᠢᠷᠡᠭᠰᠡᠨ ᠪᠠᠬᠠᠷᠤᠮ᠎ᠠ ᠰᠠᠢᠬᠠᠨ ᠶᠣᠰᠣ ᠲᠥᠷᠥ ᠲᠡᠢ ᠠᠷᠠᠳ ᠲᠦᠮᠡᠨ ᠪᠠᠢᠭᠰᠠᠨ ᠠᠭᠠᠳ ᠡᠭᠦᠨ ᠢ᠋ ᠠᠷᠠᠳ ᠤ᠋ᠨ ᠠᠮᠠᠨ ᠵᠣᠬᠢᠶᠠᠯ᠂ ᠦᠯᠢᠭᠡᠷ ᠲᠤᠤᠯᠢᠰ᠂ ᠲᠡᠦᠬᠡ ᠱᠠᠰᠲᠢᠷ᠂ ᠨᠣᠮ ᠱᠣᠳᠣᠷ ᠲᠣᠳᠣ ᠲᠣᠮᠣᠷᠠᠭᠤᠨ ᠢᠯᠡᠳᠬᠡᠨ ᠬᠠᠷᠠᠭᠤᠯᠬᠤ ᠪᠥᠯᠥᠭᠡ᠃ ᠭᠡᠪᠡᠴᠦ ᠥᠨᠥ ᠪᠢᠳᠡᠨ ᠦ᠌ ᠦᠶ᠎ᠡ ᠳ᠋ᠦ᠍ ᠮᠣᠩᠭᠣᠯ ᠲᠤᠭᠤᠷᠭᠠᠲᠠᠨ ᠤ᠋ ᠰᠣᠶᠣᠯ ᠠᠷᠪᠢᠨ ᠪᠠᠶᠠᠯᠢᠭ ᠥᠪ ᠤᠯᠠᠮᠵᠢᠯᠠᠯ᠂ ᠬᠠᠯᠬ᠎ᠠ ᠰᠠᠢᠬᠠᠨ ᠴᠢᠨᠠᠷ ᠬᠠᠮᠢᠭᠠᠰᠢ ᠪᠠᠨ ᠬᠣᠯᠴᠢᠴᠢᠬᠠᠪᠠ ᠭᠡᠳᠡᠭ ᠢ᠋ ᠮᠡᠷᠭᠡᠨ ᠤᠩᠰᠢᠭᠴᠢᠳ ᠲᠠ ᠪᠦᠬᠦᠨ ᠯᠠᠪᠲᠠᠶ᠎ᠠ ᠡᠷᠭᠢᠴᠡᠭᠦᠯᠦᠨ ᠪᠣᠳᠣᠭ᠎ᠠ ᠪᠢᠵᠡ ᠳᠡ! ᠬᠥᠮᠦᠨ ᠦ᠌ ᠰᠤᠷᠲᠠᠯ᠂ ᠵᠠᠬᠢᠷᠭᠠᠳᠠᠯᠲᠠ ᠶ᠋ᠢᠨ ᠬᠠᠷ᠎ᠠ ᠭᠠᠢ ᠪᠠᠷ ᠠᠯᠢᠪᠠ ᠶ᠋ᠢ ᠦᠨᠡᠨ ᠮᠥᠨ ᠢ᠋ᠶ᠋ᠡᠷ ᠨᠢ᠂ ᠢᠯᠡ ᠲᠣᠳᠣ ᠭᠠᠷᠭᠠᠨ ᠲᠠᠯᠪᠢᠬᠤ ᠶ᠋ᠢ ᠵᠦᠢᠯ ᠪᠦᠷᠢ ᠪᠡᠷ ᠬᠠᠪᠴᠢᠨ ᠪᠣᠭᠣᠭᠳᠠᠭᠤᠯᠵᠤ᠂ ᠰᠣᠽᠢᠶᠠᠯᠢᠰᠮ ᠢ᠋ ᠶᠣᠰᠣᠲᠠᠢ ᠲᠩᠷᠢ ᠲᠤᠯᠲᠠᠯ᠎ᠠ ᠮᠠᠭᠲᠠᠵᠤ᠂ ᠦᠷᠭᠦᠯᠵᠢ ᠭᠤᠶᠤᠵᠤ ᠴᠢᠮᠡᠵᠦ ᠢᠷᠡᠭᠰᠡᠨ ᠦ᠌《ᠪᠤᠭᠯᠠᠭ᠎ᠠ》 ᠥᠨᠥᠳᠥᠷ ᠠᠷᠠᠳᠴᠢᠯᠠᠯ᠂ ᠢᠯᠡ ᠲᠣᠳᠣ ᠪᠠᠢᠳᠠᠯ ᠤ᠋ᠨ ᠠᠴᠢ ᠪᠠᠷ ᠠᠷᠭ᠎ᠠ ᠦᠭᠡᠢ ᠣᠷᠣᠩᠨᠠᠬᠤ ᠣᠷᠣᠨ ᠦᠭᠡᠢ ᠪᠣᠯᠤᠨ ᠨᠢᠴᠦᠭᠦᠷᠡᠵᠦ᠂《ᠬᠠᠭᠠᠷᠠᠵᠤ》 ᠡᠬᠢᠯᠡᠯ᠎ᠡ᠃ ᠨᠡᠢᠭᠡᠮ ᠮᠠᠨᠢ ᠲᠠ ᠪᠢᠳᠡᠨ ᠢ᠋ ᠣᠯᠠᠨ ᠵᠢᠯ ᠮᠥᠯᠵᠢᠭᠰᠡᠨ《ᠬᠠᠴᠢᠭ ᠬᠤᠪᠠᠯᠵᠠ》— ᠠ᠋ᠴᠠ ᠪᠠᠨ ᠳᠥᠩᠭᠡᠵᠢ ᠰᠠᠶᠢ ᠨᠢᠭᠡ ᠶᠠᠭᠤᠮ᠎ᠠ《ᠬᠣᠶᠠᠷ ᠶᠠᠰᠤ》 ᠰᠠᠯᠵᠤ᠂ ᠡᠷᠡᠭᠦᠯᠵᠢᠵᠦ ᠪᠣᠢ ᠨᠢ ᠨᠡᠩ ᠪᠠᠶᠠᠷᠯᠠᠭᠤᠰᠢᠲᠠᠢ᠃ ᠰᠠᠳᠤᠷ ᠰᠠᠮᠠᠭᠤᠨ᠂ ᠤᠵᠢᠳ ᠵᠠᠪᠬᠠᠢ ᠶᠠᠪᠤᠳᠠᠯ᠂ ᠳᠠᠭᠤᠴᠢ ᠡᠮ᠎ᠡ ᠶ᠋ᠢᠨ ᠲᠤᠬᠠᠢ ᠠᠮᠠ ᠠᠩᠭᠠᠢᠬᠤ ᠪᠢᠲᠡᠭᠡᠢ ᠬᠡᠯᠡ ᠡᠷᠳᠡᠨᠢᠲᠦ ᠬᠥᠮᠦᠨ ᠳ᠋ᠦ᠍ ᠪᠠᠢᠭᠠᠯᠢ ᠠ᠋ᠴᠠ ᠵᠠᠶᠠᠭᠠᠭᠰᠠᠨ ᠡᠩᠭᠡᠷ ᠵᠥᠷᠢᠭᠦᠯᠬᠦ ᠡᠷᠬᠢᠮ ᠶᠣᠰᠣᠨ ᠤ᠋ ᠲᠤᠬᠠᠢ ᠴᠦ᠍ ᠳᠡᠯᠭᠡᠨ ᠦᠵᠡᠭᠦᠯᠬᠦ ᠡᠷᠬᠡ ᠪᠠᠢᠬᠤ ᠦᠭᠡᠢ ᠪᠠᠢᠯ᠎ᠠ ᠰᠢᠦ ᠳᠡ᠂ ᠲᠠ ᠮᠢᠨᠢ! ᠤᠷᠢᠳᠤ ᠡᠮᠦᠨ᠎ᠡ ᠡᠢᠮᠦ ᠶᠠᠪᠤᠳᠠᠯ ᠢ᠋ ᠭᠠᠭᠴᠠᠬᠦ ᠢᠯᠵᠢᠷᠡᠵᠦ ᠮᠥᠬᠥᠵᠦ ᠪᠠᠢᠭ᠎ᠠ ᠬᠥᠷᠥᠩᠭᠡᠲᠦ ᠶᠢᠷᠲᠢᠨᠴᠦ ᠭᠡᠭᠴᠢ ᠳ᠋ᠦ᠍ ᠯᠡ ᠪᠠᠢᠳᠠᠭ᠂ ᠰᠣᠽᠢᠶᠠᠯᠢᠰᠮ ᠳ᠋ᠤ᠌ ᠪᠠᠢᠵᠤ ᠲᠠᠭᠠᠷᠠᠬᠤ ᠦᠭᠡᠢ᠂ ᠪᠠᠢᠬᠤ ᠴᠦ᠍ ᠨᠡᠢᠭᠡᠮ ᠦ᠋ᠨ ᠦᠨᠳᠦᠰᠦ ᠦᠭᠡᠢ ᠮᠡᠲᠦ ᠪᠡᠷ ᠰᠤᠷᠲᠠᠯᠴᠢᠯᠠᠭᠰᠠᠭᠠᠷ ᠢᠷᠡᠭᠰᠡᠨ ᠪᠠᠢᠯ᠎ᠠ᠃ ᠭᠡᠲᠡᠯ᠎ᠡ ᠥᠨᠥᠳᠥᠷ《ᠳᠠᠷᠤᠪᠠᠴᠤ ᠳᠡᠯᠳᠡᠢᠨ᠎ᠡ᠂ ᠪᠤᠯᠠᠪᠠᠴᠤ ᠪᠤᠯᠲᠠᠢᠨ᠎ᠠ》 ᠭᠡᠬᠦᠴᠢᠯᠡᠨ ᠪᠢᠳᠡᠨ ᠦ᠌ ᠨᠢᠳᠦᠨ ᠪᠣᠯᠠᠢ᠂ ᠴᠢᠬᠢᠨ ᠳᠦᠯᠡᠢ ᠥᠩᠭᠡᠷᠡᠵᠦ ᠢᠷᠡᠭᠰᠡᠨ ᠣᠯᠠᠨ ᠮᠠᠭᠤ ᠮᠠᠭᠤᠬᠠᠢ《ᠬᠡᠢ ᠦᠵᠡᠭᠳᠡᠯ》 ᠭᠠᠵᠠᠷ ᠳᠣᠣᠷ᠎ᠠ ᠠ᠋ᠴᠠ ᠪᠣᠰᠤᠭ᠎ᠠ ᠣᠷᠣᠯᠠᠩ ᠪᠣᠯᠤᠭᠠᠳ ᠪᠣᠰᠤᠭᠠᠳ ᠢᠷᠡᠭᠰᠡᠨ ᠨᠢ ᠵᠡᠭᠦᠳᠦᠨ ᠳ᠋ᠦ᠍ ᠣᠷᠣᠮ᠎ᠠ ᠦᠭᠡᠢ ᠶᠠᠪᠤᠳᠠᠯ ᠭᠡᠵᠢ ᠤᠤ! ᠦᠭᠡᠢ ᠠ᠋《ᠨᠢᠭᠦᠯ ᠨᠢᠳᠦ ᠪᠡᠷ ᠭᠠᠷᠳᠠᠭ》 ᠭᠡᠵᠦ ᠥᠲᠡᠭᠦᠰ ᠳᠡᠭᠡᠳᠦᠰ ᠮᠢᠨᠢ ᠶᠠᠷᠢᠳᠠᠭᠴᠢᠯᠠᠨ ᠪᠢᠳᠡ ᠮᠡᠳᠡᠭᠰᠡᠨ ᠴᠦ᠍ ᠮᠡᠳᠡᠭᠡ ᠦᠭᠡᠢ ᠴᠢᠷᠠᠢ ᠭᠠᠷᠭᠠᠨ᠂ ᠵᠢᠭᠠᠰᠤ ᠰᠢᠭ᠋ ᠬᠡᠯᠡ ᠦᠭᠡᠢ ᠶᠠᠪᠤᠭᠰᠠᠨ ᠤ᠋ 《ᠨᠢᠭᠦᠯ》 ᠥᠨᠥᠳᠥᠷ ᠨᠢᠳᠦ ᠪᠡᠷ ᠢ᠋ᠶ᠋ᠡᠨ ᠭᠠᠷᠬᠤ ᠨᠢ ᠡᠨᠡ ᠪᠢᠯᠡ᠃ ᠣᠳᠣ ᠪᠠᠷ ᠮᠠᠨ ᠤ᠋ ᠳ᠋ᠤ᠌ ᠪᠦᠳᠦᠭᠦᠨ ᠪᠠᠭᠴᠠᠭ᠎ᠠ ᠪᠠᠷ ᠲᠣᠭᠠᠯᠠᠭᠠᠳ ᠦᠵᠡᠪᠡᠯ ᠬᠠᠭᠠᠰ ᠮᠢᠩᠭ᠎ᠠ ᠳ᠋ᠤ᠌ ᠳᠥᠭᠥᠭᠰᠡᠨ ᠳᠠᠭᠤᠴᠢ ᠡᠮ᠎ᠡ ᠪᠠᠢᠭ᠎ᠠ ᠭᠡᠨ᠎ᠡ᠃ ᠪᠢᠳᠡ ᠪᠠᠢᠬᠤ ᠦᠭᠡᠢ ᠮᠡᠲᠦ ᠪᠡᠷ᠂ ᠰᠤᠷᠲᠠᠯᠴᠢᠯᠠᠭᠰᠠᠭᠠᠷ ᠠᠲᠠᠯ᠎ᠠ ᠦᠨᠡᠨᠬᠦ ᠠᠮᠢᠳᠤᠷᠠᠯ ᠳ᠋ᠤ᠌《ᠳᠠᠭᠤᠴᠢ ᠡᠮ᠎ᠡ》᠂ ᠰᠠᠳᠤᠷ 《ᠰᠠᠮᠠᠭᠤᠨ ᠶᠠᠪᠤᠳᠠᠯᠲᠠᠨ》 ᠡᠢᠨᠬᠦ ᠪᠠᠢᠭᠰᠠᠭᠠᠷ ᠪᠠᠢᠭ᠎ᠠ ᠨᠢ ᠪᠦᠬᠦᠨ ᠢ᠋ ᠥᠩᠭᠡᠯᠡᠨ ᠳᠠᠯᠳᠠᠯᠠᠭᠴᠢ ᠬᠠᠷᠠᠯᠭᠠᠨ ᠪᠣᠳᠣᠯᠭ᠎ᠠ ᠶ᠋ᠢᠨ ᠬᠢ ᠤᠤ᠂ ᠡᠰᠡᠬᠦᠯ᠎ᠡ ᠬᠤᠪᠢ ᠵᠠᠶᠠᠭᠠᠨ ᠤ᠋ ᠲᠥᠭᠡᠷᠭᠡ ᠤᠤ᠂ ᠠᠯᠢ ᠡᠰᠡᠬᠦᠯ᠎ᠡ ᠬᠦᠰᠡᠯ ᠬᠤᠶᠠᠯᠢ ᠶ᠋ᠢᠨ ᠪᠠᠷᠠᠭᠳᠠᠵᠤ ᠬᠠᠨᠳᠠᠭ ᠦᠭᠡᠢ ᠬᠡᠢᠷᠬᠡᠯ ᠤᠤ! ᠭᠡᠪᠡᠴᠦ ᠡᠨᠳᠡ ᠡᠨᠡ ᠲᠤᠬᠠᠢ ᠥᠭᠦᠯᠡᠬᠦ ᠶ᠋ᠢ ᠣᠭᠲᠣᠬᠠᠨ ᠴᠦ᠍ ᠬᠦᠰᠡᠭᠡ ᠦᠭᠡᠢ ᠪᠢᠯᠡ᠃ ᠬᠠᠷᠢᠨ ᠯᠤᠤ ᠶ᠋ᠢᠨ ᠬᠥᠰᠢᠭᠡ ᠪᠠᠷᠰ ᠤ᠋ᠨ ᠬᠥᠨᠵᠢᠯᠡ ᠳᠣᠣᠷᠠᠬᠢ ᠠᠵᠠ ᠵᠢᠷᠭᠠᠯ ᠢ᠋ ᠭᠠᠢᠬᠠᠮᠰᠢᠭ ᠤ᠋ᠨ ᠲᠤᠬᠠᠢ ᠥᠭᠦᠯᠡᠬᠦ ᠡᠴᠡ ᠭᠠᠳᠠᠨ᠎ᠠ ᠵᠠᠯᠠᠭᠤᠰ ᠢ᠋ ᠭᠡᠷ ᠪᠦᠯᠢ ᠶ᠋ᠢᠨ ᠠᠮᠢᠳᠤᠷᠠᠯ ᠳ᠋ᠤ᠌ ᠪᠡᠯᠡᠳᠬᠡᠵᠦ᠂ ᠡᠷ᠎ᠡ ᠡᠮ᠎ᠡ ᠶ᠋ᠢᠨ ᠶᠣᠰᠣᠨ ᠤ᠋ ᠰᠣᠶᠣᠯ᠂ ᠵᠥᠪ ᠰᠤᠷᠭᠠᠨ ᠬᠥᠮᠦᠵᠢᠯ ᠣᠯᠭᠣᠬᠤ ᠳ᠋ᠤ᠌ ᠨᠡᠮᠡᠷᠢ ᠬᠠᠨᠳᠢᠪ ᠪᠣᠯᠬᠤ ᠶ᠋ᠢ ᠵᠣᠷᠢᠭᠰᠠᠨ ᠪᠥᠯᠥᠭᠡ᠃ ᠭᠡᠪᠡᠴᠦ ᠪᠢᠳᠡ ᠥᠨᠥ ᠶ᠋ᠢ ᠪᠣᠯᠲᠠᠯ᠎ᠠ ᠡᠭᠦᠯᠡ ᠪᠣᠷᠣᠭᠠᠨ ᠤ᠋ ᠶᠠᠪᠤᠳᠠᠯ ᠤ᠋ᠨ ᠲᠤᠬᠠᠢ ᠢᠯᠡ ᠶᠠᠷᠢᠵᠤ ᠪᠢᠴᠢᠬᠦ ᠡᠴᠡ ᠵᠢᠭᠠᠬᠠᠨ ᠢᠴᠢᠩᠭᠦᠷᠡᠵᠦ᠂ ᠦᠷ᠎ᠡ ᠬᠡᠦᠬᠡᠳ ᠲᠡᠭᠡᠨ ᠣᠯᠭᠣᠭ᠎ᠠ ᠦᠭᠡᠢ ᠡᠴᠡ ᠬᠡᠲᠦᠷᠡᠭᠦᠯᠦᠨ ᠬᠡᠯᠡᠪᠡᠯ《ᠬᠤᠴᠠ᠂ ᠤᠬᠤᠨ᠎ᠠ ᠶ᠋ᠢᠨ》 ᠠᠮᠢᠳᠤᠷᠠᠯ ᠢ᠋ᠶ᠋ᠠᠷ ᠠᠮᠢᠳᠤᠷᠠᠵᠤ᠂ ᠠᠵᠠ ᠵᠢᠷᠭᠠᠯ ᠤ᠋ᠨ ᠡᠨᠡᠬᠦ ᠭᠠᠢᠬᠠᠮᠰᠢᠭ ᠢ᠋ ᠬᠣᠵᠢᠭᠤ ᠬᠣᠢᠨ᠎ᠠ᠂ ᠬᠠᠭᠠᠰ ᠳᠤᠲᠠᠭᠤ ᠤᠬᠠᠭᠠᠷᠠᠵᠤ᠂ ᠬᠠᠨᠢᠯᠠᠭᠰᠠᠨ ᠢ᠋ᠶ᠋ᠠᠨ ᠵᠢᠷᠭᠠᠭᠠᠬᠤ ᠪᠤᠶᠤ ᠵᠣᠪᠠᠭᠠᠬᠤ ᠶ᠋ᠢ ᠠᠯᠢ ᠨᠢ ᠲᠡᠷᠡ ᠭᠡᠬᠦᠪ᠃ ᠬᠥᠮᠦᠨ ᠭᠡᠭᠴᠢ ᠵᠥᠪᠬᠡᠨ ᠪᠢᠣᠯᠣᠭᠢ ᠶ᠋ᠢᠨ ᠲᠡᠳᠦᠢ ᠦᠭᠡᠢ ᠨᠡᠢᠭᠡᠮ ᠦ᠋ᠨ ᠠᠮᠢᠲᠠᠨ᠂ ᠨᠡᠢᠭᠡᠮ ᠦ᠋ᠨ ᠬᠠᠷᠢᠴᠠᠭᠠᠨ ᠳ᠋ᠤ᠌ ᠴᠣᠭᠴᠠᠯᠠᠪᠤᠷᠢ ᠪᠣᠯᠬᠤ ᠶ᠋ᠢᠨ ᠬᠤᠪᠢ ᠳ᠋ᠤ᠌ ᠲᠡᠭᠦᠨ ᠦ᠌《ᠬᠣᠷᠮᠣᠢ ᠶ᠋ᠢᠨ ᠶᠠᠪᠤᠳᠠᠯ》 ᠢ᠋ᠶ᠋ᠠᠨ ᠤᠳᠤᠷᠢᠳᠤᠨ ᠬᠥᠲᠥᠯᠬᠦ᠂ ᠵᠣᠬᠢᠶᠠᠨ ᠪᠠᠢᠭᠤᠯᠬᠤ ᠠᠷᠭ᠎ᠠ ᠬᠡᠯᠪᠡᠷᠢ ᠨᠢ ᠠᠮᠢᠳᠤᠷᠠᠵᠤ᠂ ᠠᠮᠢ ᠵᠢᠭᠤᠵᠤ ᠪᠣᠢ ᠲᠤᠬᠠᠢ ᠶ᠋ᠢᠨ ᠨᠡᠢᠭᠡᠮ ᠦ᠋ᠨ ᠠᠬᠤᠢ ᠠ᠋ᠴᠠ ᠰᠢᠯᠲᠠᠭᠠᠯᠠᠬᠤ ᠨᠢ ᠵᠦᠢ ᠶ᠋ᠢᠨ ᠬᠡᠷᠡᠭ ᠠ᠋᠃ ᠰᠠᠢᠨ ᠴᠠᠭ ᠠᠢᠰᠤᠨ ᠢᠷᠡᠵᠦ᠂ ᠣᠳᠣ ᠨᠡᠢᠭᠡᠮ ᠡᠳ᠋ ᠦ᠋ᠨ ᠵᠠᠰᠠᠭ ᠤ᠋ᠨ ᠬᠥᠭᠵᠢᠯ ᠦ᠋ᠨ《ᠮᠣᠩᠭᠣᠯ ᠵᠠᠭᠪᠤᠷ》᠂《ᠮᠣᠩᠭᠣᠯ ᠬᠤᠪᠢᠯᠪᠤᠷᠢ》 ᠭᠡᠵᠦ ᠶᠡᠬᠡᠳᠡ ᠶᠠᠷᠢᠵᠤ ᠪᠢᠴᠢᠵᠦ ᠪᠠᠢᠨ᠎ᠠ᠃ ᠡᠷ᠎ᠡ ᠡᠮ᠎ᠡ ᠶ᠋ᠢᠨ ᠰᠤᠳᠤᠯᠤᠯ ᠤ᠋ᠨ ᠬᠤᠪᠢ ᠳ᠋ᠤ᠌ ᠴᠦ᠍ ᠮᠣᠩᠭᠣᠯ ᠬᠤᠪᠢᠯᠪᠤᠷᠢ᠂ ᠮᠣᠩᠭᠣᠯᠵᠢᠨ ᠤᠷᠠᠨ ᠨᠠᠢᠷᠠᠭᠤᠯᠭ᠎ᠠ ᠭᠠᠷᠭᠠᠵᠤ ᠶᠠᠭᠠᠬᠢᠭᠠᠳ ᠪᠣᠯᠬᠤ ᠦᠭᠡᠢ ᠪᠠᠢᠬᠤ ᠪᠢᠯᠡ⁈ ᠰᠠᠢᠨ ᠳ᠋ᠠᠭᠠᠨ ᠪᠣᠯ ᠵᠥᠪᠯᠡᠯᠲᠦ ᠶ᠋ᠢᠨ ᠨᠣᠮ ᠵᠣᠬᠢᠶᠠᠯ ᠢ᠋ ᠬᠥᠷᠪᠡᠭᠦᠯᠬᠦ ᠡᠴᠡ ᠥᠭᠡᠷ᠎ᠡ ᠠᠷᠭ᠎ᠠ ᠵᠠᠮ ᠪᠠᠢᠬᠤ ᠦᠭᠡᠢ ᠭᠡᠵᠦ ᠤᠤ⁈ ᠦᠭᠡᠢ ᠪᠠᠢᠯᠲᠠᠢ! ᠮᠠᠨ ᠤ᠋ ᠤᠷᠠᠨ ᠵᠣᠬᠢᠶᠠᠯ ᠳ᠋ᠤ᠌ ᠬᠣᠷᠮᠣᠢ ᠶ᠋ᠢᠨ ᠶᠠᠪᠤᠳᠠᠯ ᠢ᠋ ᠳᠦᠷᠰᠦᠯᠡᠵᠦ ᠢᠷᠡᠭᠰᠡᠨ ᠤᠯᠠᠮᠵᠢᠯᠠᠯ ᠢ᠋ ᠡᠷᠭᠢᠨ ᠰᠠᠨᠠᠬᠤ ᠳ᠋ᠤ᠌ ᠪᠠᠶᠠᠷᠯᠠᠮᠠᠷ᠂ ᠪᠠᠬᠠᠷᠬᠠᠮᠠᠷ᠁ ᠁ 
       ᠴᠣᠬᠣᠮ ᠬᠦ᠌ ᠡᠷ᠎ᠡ ᠡᠮ᠎ᠡ ᠶ᠋ᠢᠨ ᠶᠣᠰᠣᠨ ᠤ᠋ ᠮᠣᠩᠭᠣᠯ ᠬᠤᠪᠢᠯᠪᠤᠷᠢ᠂ ᠮᠣᠩᠭᠣᠯᠵᠢᠨ ᠵᠢᠭᠠᠪᠤᠷᠢ ᠭᠡᠭᠴᠢ ᠶ᠋ᠢ ᠪᠢᠳᠡ ᠡᠨᠡ ᠨᠣᠮ ᠳᠠᠭᠠᠨ ᠵᠣᠬᠢᠶᠠᠬᠤ ᠶᠢ ᠡᠷᠡᠮᠡᠯᠵᠡᠭᠰᠡᠨ ᠪᠥᠭᠡᠳ ᠢᠩᠬᠢᠬᠦ ᠳ᠋ᠡᠭᠡᠨ ᠴᠡᠪᠡᠷ ᠢᠴᠢᠮᠡᠲᠡᠭᠡᠢ ᠵᠠᠩ ᠲᠠᠢ ᠮᠣᠩᠭᠣᠯ ᠤᠩᠰᠢᠭᠴᠢᠳ ᠢᠶᠠᠨ ᠡᠪ ᠦᠭᠡᠢ ᠪᠠᠢᠳᠠᠯ ᠳᠤ ᠣᠷᠣᠭᠤᠯᠵᠣ ᠡᠭᠳᠡᠭᠦᠦ ᠶᠢ ᠨᠢ ᠬᠦᠷᠭᠡᠬᠦ ᠶᠢ ᠥᠴᠥᠬᠡᠨ ᠴᠦ᠍ ᠬᠦᠰᠡᠭᠡ ᠦᠭᠡᠢ ᠪᠢᠯᠡ᠃ ᠨᠥᠭᠥᠭᠡᠲᠡᠭᠡᠭᠦᠷ᠂ ᠵᠠᠬᠢᠷᠭᠠᠳᠠᠬᠤ ᠠᠷᠭ᠎ᠠ ᠶ᠋ᠢᠨ ᠬᠦᠨᠳᠦ ᠳᠠᠷᠤᠯᠲᠠ ᠶ᠋ᠢ ᠰᠡᠭᠰᠦᠴᠢᠨ ᠬᠠᠶᠠᠵᠤ ᠪᠠᠢᠭ᠎ᠠ ᠨᠢ ᠡᠨᠡ ᠭᠡᠳ ᠨᠥᠭᠦᠭᠡ ᠬᠡᠲᠦᠷᠬᠡᠢᠯᠡᠯ ᠤᠷᠤᠭᠤ ᠬᠠᠯᠲᠤᠷᠢᠵᠤ ᠶᠣᠰᠣᠷᠬᠠᠬᠤ ᠲᠦᠪᠰᠢᠨ᠂ ᠤᠬᠠᠭᠠᠯᠢᠭ ᠳᠠᠷᠤᠤ ᠮᠣᠩᠭᠣᠯ ᠲᠦᠮᠡᠨ ᠦ᠌ ᠪᠡᠨ ᠭᠤᠸ᠎ᠠ ᠰᠠᠢᠬᠠᠨ ᠤ᠋ ᠲᠠᠭᠠᠰᠢᠶᠠᠯ ᠢ᠋ ᠭᠤᠲᠤᠭᠠᠵᠤ᠂ ᠪᠠᠲᠤ ᠵᠢᠷᠤᠮ ᠤ᠋ᠨ ᠠᠯᠲᠠᠨ ᠬᠡᠯᠬᠢᠶ᠎ᠡ ᠶ᠋ᠢ ᠲᠠᠰᠤᠯᠬᠤ ᠶ᠋ᠢ ᠪᠠᠰᠠ ᠬᠦᠰᠡᠭᠡ ᠦᠭᠡᠢ ᠶᠦᠮ ᠰᠢᠦ᠃ ᠶᠠᠮᠠᠷ ᠴᠦ᠍ ᠠᠲᠤᠭᠠᠢ ᠬᠥᠮᠦᠨ ᠦ᠌ ᠡᠷᠳᠡᠨᠢᠲᠦ ᠪᠡᠶ᠎ᠡ ᠶ᠋ᠢ ᠣᠯᠵᠤ ᠲᠥᠷᠥᠭᠰᠡᠨ ᠬᠡᠨ ᠪᠣᠯᠪᠠᠴᠤ ᠠᠳᠤᠭᠤᠰᠤ ᠠᠮᠢᠲᠠᠨ ᠠ᠋ᠴᠠ ᠢᠯᠭᠠᠭ᠎ᠠ ᠲᠠᠢ ᠨᠢ ᠬᠣᠷᠮᠣᠢ ᠶ᠋ᠢᠨ ᠶᠠᠪᠤᠳᠠᠯ ᠢ᠋ ᠵᠥᠪᠬᠡᠨ ᠤᠳᠤᠮ ᠤᠭᠰᠠᠭ᠎ᠠ ᠪᠠᠨ ᠵᠠᠯᠭᠠᠭᠤᠯᠬᠤ ᠶ᠋ᠢᠨ ᠲᠡᠳᠦᠢ ᠦᠭᠡᠢ ᠪᠠᠰᠠ ᠠᠵᠠ ᠵᠢᠷᠭᠠᠯ ᠤ᠋ᠨ ᠭᠠᠢᠬᠠᠮᠰᠢᠭ᠂ ᠬᠥᠮᠦᠨ ᠪᠣᠯᠤᠭᠰᠠᠨ ᠤ᠋ ᠪᠠᠶᠠᠷ ᠴᠡᠩᠭᠡᠯ ᠢ᠋ ᠠᠮᠰᠠᠨ ᠡᠳ᠋ᠯᠡᠬᠦ ᠶ᠋ᠢᠨ ᠲᠤᠯᠠᠳᠠ ᠦᠢᠯᠡᠳᠳᠡᠭ ᠬᠥᠮᠦᠨ ᠡᠴᠡ ᠥᠨᠳᠥᠷ ᠰᠣᠶᠣᠯ᠂ ᠵᠥᠪ ᠬᠥᠮᠦᠵᠢᠯ ᠵᠦᠢ ᠶᠣᠰᠣ ᠶ᠋ᠢ ᠱᠠᠭᠠᠷᠳᠠᠨ᠎ᠠ᠃ ᠭᠡᠪᠡᠴᠦ ᠡᠢᠮᠦ ᠰᠣᠶᠣᠯ᠂ ᠬᠥᠮᠦᠵᠢᠯ ᠪᠢᠳᠡᠨ ᠳ᠋ᠦ᠍ ᠳᠤᠲᠠᠭᠤ ᠳᠤᠯᠢᠮᠠᠭ᠂ ᠬᠠᠩᠭᠠᠯᠲᠠ ᠦᠭᠡᠢ ᠪᠠᠢᠭ᠎ᠠ ᠶ᠋ᠢ ᠨᠢᠭᠤᠬᠤ ᠶᠠᠭᠤᠨ ᠪᠢᠯᠡ᠃ ᠬᠥᠮᠦᠨ ᠦ᠌ ᠲᠥᠷᠥᠯᠬᠢ ᠶ᠋ᠢᠨ ᠰᠢᠨᠵᠢ ᠴᠢᠨᠠᠷ᠂ ᠣᠯᠵᠤ ᠠᠪᠤᠭᠰᠠᠨ ᠮᠡᠳᠡᠯᠭᠡ᠂ ᠰᠣᠶᠣᠯ ᠴᠣᠬᠣᠮ ᠳ᠋ᠠᠭᠠᠨ ᠡᠷ᠎ᠡ ᠡᠮ᠎ᠡ ᠶ᠋ᠢᠨ ᠶᠣᠰᠣᠨ ᠳ᠋ᠤ᠌ ᠲᠣᠳᠣ ᠪᠠᠷ ᠢᠯᠡᠷᠡᠳᠡᠭ᠃ ᠥᠭᠡᠷ᠎ᠡ ᠪᠡᠷ ᠬᠡᠯᠡᠪᠡᠯ᠂ ᠡᠷ᠎ᠡ ᠡᠮ᠎ᠡ ᠶ᠋ᠢᠨ ᠢᠯᠪᠢ ᠤᠬᠠᠭᠠᠨ᠂ ᠰᠣᠶᠣᠯ ᠬᠥᠮᠦᠵᠢᠯ ᠪᠣᠯ ᠪᠡᠶ᠎ᠡ ᠬᠥᠮᠦᠨ ᠦ᠌ ᠰᠣᠶᠣᠯ ᠢ᠋ ᠬᠡᠮᠵᠢᠬᠦ ᠨᠢᠭᠡᠨ ᠴᠢᠬᠤᠯᠠ ᠬᠡᠮᠵᠢᠭᠦᠷ ᠶᠦᠮ ᠰᠢᠦ᠃ ᠡᠢᠮᠦ ᠤᠴᠢᠷ ᠠ᠋ᠴᠠ ᠡᠷ᠎ᠡ ᠡᠮ᠎ᠡ ᠶ᠋ᠢᠨ ᠶᠣᠰᠣᠨ ᠤ᠋ ᠵᠥᠪ ᠬᠥᠮᠦᠵᠢᠯ᠂ ᠥᠨᠳᠥᠷ ᠰᠣᠶᠣᠯ ᠡᠵᠡᠮᠰᠢᠭᠦᠯᠵᠦ᠂ ᠵᠥᠪ ᠬᠠᠷᠢᠴᠠᠭᠠᠨ ᠳ᠋ᠤ᠌ ᠰᠤᠷᠭᠠᠬᠤ ᠳ᠋ᠤ᠌ ᠲᠠ ᠪᠦᠬᠦᠨ ᠳ᠋ᠡᠭᠡᠨ ᠡᠷᠭᠦᠨ ᠪᠠᠷᠢᠵᠤ ᠪᠣᠢ ᠡᠨᠡ ᠨᠣᠮ ᠤ᠋ᠨ ᠭᠣᠣᠯ ᠵᠣᠷᠢᠯᠭ᠎ᠠ ᠣᠷᠣᠰᠢᠨ᠎ᠠ᠃ 
       《ᠡᠷ᠎ᠡ ᠡᠮ᠎ᠡ ᠶ᠋ᠢᠨ ᠶᠣᠰᠣᠨ》 ᠭᠡᠬᠦ ᠨᠣᠮ ᠣᠯᠠᠨ ᠲᠦᠮᠡᠨ ᠦ᠌ ᠲᠤᠰᠠ ᠳᠠᠮ ᠬᠢᠭᠡᠳ ᠣᠶᠤᠨ ᠪᠣᠳᠣᠯ ᠢ᠋ᠶ᠋ᠠᠨ ᠲᠤᠩᠭᠠᠨ ᠰᠢᠷᠭᠢᠭᠡᠭᠰᠡᠨ ᠦ᠌ ᠦᠷ᠎ᠡ ᠳ᠋ᠦᠩ ᠳ᠋ᠦ᠍ ᠪᠦᠲᠦᠭᠰᠡᠨ ᠪᠢᠯᠡ᠃ ᠭᠡᠪᠡᠴᠦ ᠣᠯᠠᠨ ᠲᠦᠮᠡᠨ ᠦ᠌ ᠠᠴᠢ ᠪᠤᠶᠠᠨ ᠢ᠋ᠶ᠋ᠠᠷ ᠪᠦᠲᠦᠭᠰᠡᠨ ᠡᠨᠡ ᠨᠣᠮ ᠢ᠋ ᠮᠠᠨᠢ ᠬᠠᠷᠠᠩᠭᠤᠢ ᠮᠠᠭᠤ ᠶ᠋ᠢᠨ ᠬᠠᠷᠠᠭ᠎ᠠ ᠪᠠᠷ ᠥᠨᠥᠳᠥᠷ ᠦ᠋ᠨ ᠡᠳᠦᠷ ᠨᠢᠳᠦ ᠦᠵᠦᠭᠦᠷᠯᠡᠬᠦ ᠨᠢᠭᠡᠨ ᠪᠠᠢᠪᠠᠴᠤ ᠬᠣᠵᠢᠮ ᠤ᠋ᠨ ᠡᠳᠦᠷ《ᠨᠢᠭᠦᠯ᠂ ᠪᠤᠶᠠᠨ》 ᠠᠯᠢᠨ ᠪᠣᠯᠬᠤ ᠶ᠋ᠢ ᠪᠤᠭᠤᠷᠤᠯ ᠲᠡᠦᠬᠡ ᠳᠠᠩᠰᠠᠯᠠᠬᠤ ᠪᠠᠢᠯᠭᠦᠢ᠃ 《ᠡᠨᠡ ᠴᠢᠨᠢ ᠶᠠᠮᠠᠷ ᠵᠣᠷᠢᠯᠭ᠎ᠠ ᠲᠠᠢ ᠶᠤᠮ ᠪᠣᠢ? ᠢᠩᠭᠢ ᠭᠡᠵᠦ ᠵᠢᠭᠠᠵᠤ ᠥᠭᠴᠦ ᠪᠠᠢᠭ᠎ᠠ ᠶᠤᠮ ᠤᠤ?》 ᠭᠡᠵᠦ ᠵᠠᠩᠳᠤᠷᠤᠩᠭᠤᠢ ᠠᠰᠠᠭᠤᠬᠤ ᠨᠢᠭᠡᠨ ᠪᠠᠢᠬᠤ ᠳ᠋ᠤ᠌《ᠮᠠᠨ ᠤ᠋ ᠳ᠋ᠤ᠌ ᠪᠠᠢᠭ᠎ᠠ ᠦᠭᠡᠢ ᠨᠣᠮ ᠠᠩᠬ᠎ᠠ ᠤᠳᠠᠭ᠎ᠠ ᠭᠠᠷᠤᠯ᠎ᠠ》 ᠭᠡᠵᠦ ᠮᠠᠩᠨᠠᠢ ᠲᠡᠨᠢᠢᠨ ᠪᠠᠶᠠᠷᠯᠠᠬᠤ ᠨᠢ ᠪᠠᠰᠠ ᠣᠯᠠᠨ ᠪᠣᠢ᠃ ᠡᠷ᠎ᠡ ᠡᠮ᠎ᠡ ᠶ᠋ᠢᠨ ᠰᠤᠳᠤᠯᠤᠯ ᠪᠣᠯᠤᠨ ᠪᠡᠯᠭᠡ ᠶ᠋ᠢᠨ ᠡᠮᠭᠡᠭ ᠰᠤᠳᠤᠯᠤᠯ ᠤ᠋ᠨ ᠲᠠᠯ᠎ᠠ ᠪᠠᠷ ᠮᠠᠨ ᠤ᠋ ᠬᠢ ᠰᠢᠭ᠋ ᠬᠥᠮᠦᠨ ᠠᠷᠠᠳ ᠨᠢ ᠭᠠᠷ ᠲᠠᠭᠠᠨ ᠪᠠᠷᠢᠬᠤ ᠭᠠᠭᠴᠠ ᠰᠢᠷᠬᠡᠭ ᠴᠦ᠍ ᠨᠣᠮ ᠪᠠᠢᠬᠤ ᠦᠭᠡᠢ ᠤᠯᠤᠰ ᠣᠷᠣᠨ ᠪᠠᠷᠤᠭ ᠪᠠᠢᠬᠤ ᠦᠭᠡᠢ ᠭᠡᠬᠦ ᠳ᠋ᠦ᠍ ᠬᠢᠯᠢᠰᠳᠡᠬᠦ ᠦᠭᠡᠢ ᠪᠤᠯᠪᠠᠤ? ᠢᠩᠭᠢᠭᠡᠳ ᠪᠣᠳᠣᠬᠤ ᠳ᠋ᠤ᠌ ᠪᠢᠳᠡ ᠳᠠᠩᠴᠢ ᠬᠣᠯᠠ ᠬᠣᠴᠣᠷᠴᠤ ᠳᠠ ᠭᠡᠵᠦ ᠪᠣᠳᠣᠮᠠᠷ᠁ ᠁ 
       ᠡᠰᠡᠬᠦᠯ᠎ᠡ ᠮᠣᠩᠭᠣᠯᠴᠤᠳ ᠪᠢᠳᠡ ᠡᠭᠦᠯᠡ ᠪᠣᠷᠣᠭᠠᠨ ᠤ᠋ ᠶᠠᠪᠤᠳᠠᠯ ᠤ᠋ᠨ ᠲᠤᠬᠠᠢ ᠢᠯᠠᠨ ᠳᠠᠯᠠᠨ ᠦᠭᠡᠢ ᠥᠭᠦᠯᠡᠭᠰᠡᠨ ᠨᠣᠮ ᠵᠣᠬᠢᠶᠠᠯ ᠤᠩᠰᠢᠬᠤ᠂ ᠲᠤᠭᠤᠷᠪᠢᠬᠤ ᠬᠤᠪᠢ ᠲᠠᠪᠢᠯᠠᠩ ᠦᠭᠡᠢ ᠤᠯᠤᠰ ᠭᠡᠵᠢ ᠤᠤ! ᠦᠭᠡᠢ ᠰᠠᠨ ᠪᠠᠢᠮᠠᠷ! ᠬᠢᠯᠢ ᠶ᠋ᠢᠨ ᠴᠢᠨᠠᠳᠤ ᠡᠷ᠎ᠡ ᠡᠮ᠎ᠡ ᠶ᠋ᠢᠨ ᠶᠣᠰᠣᠨ ᠪᠣᠯᠤᠨ ᠪᠡᠯᠭᠡ ᠲᠡᠮᠳᠡᠭ ᠡᠮᠭᠡᠭ ᠦ᠋ᠨ ᠰᠤᠳᠤᠯᠤᠯ ᠤ᠋ᠨ ᠲᠠᠯ᠎ᠠ ᠪᠠᠷ ᠨᠡᠢᠲᠡ ᠳ᠋ᠦ᠍ ᠵᠣᠷᠢᠭᠤᠯᠤᠭᠰᠠᠨ ᠡᠳᠦᠢ ᠲᠡᠳᠦᠢ ᠣᠯᠠᠨ ᠨᠣᠮ ᠰᠡᠳᠬᠦᠯ ᠬᠡᠪᠯᠡᠭᠳᠡᠨ ᠭᠠᠷᠤᠭᠠᠳ ᠵᠣᠭᠰᠣᠬᠤ ᠦᠭᠡᠢ ᠪᠡᠶ᠎ᠡ ᠪᠡᠨ ᠳᠠᠭᠠᠭᠠᠭᠰᠠᠨ ᠰᠢᠨᠵᠢᠯᠡᠬᠦ ᠤᠬᠠᠭᠠᠨ ᠪᠣᠯᠤᠨ ᠬᠥᠭᠵᠢᠵᠦ᠂ ᠣᠳᠣ ᠨᠢᠭᠡᠨᠲᠡ《ᠭᠠᠷ ᠨᠢ ᠭᠠᠨᠵᠤᠭᠠᠨ ᠳ᠋ᠤ᠌᠂ ᠬᠥᠯ ᠨᠢ ᠳᠥᠷᠦᠭᠡᠨ ᠳ᠋ᠡᠭᠡᠨ ᠬᠦᠷᠴᠡᠢ》᠃ ᠭᠠᠭᠴᠠᠬᠦ ᠮᠠᠨ ᠤ᠋ ᠨᠡᠢᠭᠡᠮ ᠦ᠋ᠨ ᠠᠮᠢᠳᠤᠷᠠᠯ ᠳ᠋ᠤ᠌᠂ ᠲᠤᠬᠠᠢᠯᠠᠪᠠᠯ ᠣᠶᠤᠨ ᠰᠠᠨᠠᠭᠠᠨ ᠤ᠋ ᠠᠮᠢᠳᠤᠷᠠᠯ ᠳ᠋ᠤ᠌ ᠭᠠᠷᠴᠤ ᠪᠣᠢ ᠥᠭᠡᠷᠡᠴᠢᠯᠡᠨ ᠪᠠᠢᠭᠤᠯᠤᠯᠲᠠ ᠶ᠋ᠢᠨ ᠠᠴᠢ ᠪᠠᠷ ᠰᠡᠳᠬᠢᠯ ᠦ᠋ᠨ ᠢ᠋ᠶ᠋ᠡᠨ ᠨᠢᠭᠡ ᠬᠡᠪ ᠦ᠋ᠨ ᠵᠠᠭᠪᠤᠷᠴᠢᠯᠠᠯ ᠠ᠋ᠴᠠ ᠠᠩᠭᠢᠵᠢᠷᠠᠨ ᠰᠠᠯᠵᠤ᠂ ᠬᠡᠯᠡᠬᠦ᠂ ᠶᠠᠷᠢᠬᠤ《ᠡᠷᠬᠡ ᠴᠢᠯᠥᠭᠡ》 ᠪᠣᠢ ᠪᠣᠯᠤᠯ᠎ᠠ᠃ ᠥᠴᠥᠭᠡᠳᠦᠷᠬᠡᠨ ᠠᠷᠭ᠎ᠠ ᠦᠭᠡᠢ ᠠᠮᠠᠷᠠᠭ ᠠ᠋ᠴᠠ ᠨᠢᠭᠤᠴᠠ ᠠᠮᠠᠷᠠᠭ ᠬᠦᠷᠲᠡᠯᠡᠬᠢ ᠶ᠋ᠢ ᠳᠠᠭᠤ ᠪᠠᠨ ᠨᠠᠮᠰᠠᠭᠠᠵᠤ᠂ ᠲᠣᠬᠣᠢ ᠪᠠᠨ ᠶᠣᠪᠣᠷᠤᠨ ᠴᠢᠬᠢᠨ ᠳ᠋ᠦ᠍ ᠰᠣᠨᠤᠰᠬᠠᠭᠳᠠᠬᠤ ᠲᠠᠢ ᠦᠭᠡᠢ ᠲᠡᠢ ᠰᠢᠪᠡᠨᠡᠨ ᠶᠠᠷᠢᠳᠠᠭ ᠪᠠᠢᠭᠰᠠᠨ ᠪᠣᠯ ᠥᠨᠥᠳᠥᠷ ᠡᠨᠡ ᠲᠤᠬᠠᠢ ᠢᠯᠡ ᠳᠠᠯᠠᠨ ᠦᠭᠡᠢ᠂《ᠵᠠᠳᠠᠭᠠᠢ》᠂ ᠶᠠᠷᠢᠬᠤ᠂ ᠪᠢᠴᠢᠬᠦ ᠪᠣᠯᠤᠯ᠎ᠠ᠃ ᠡᠨᠡ ᠪᠣᠯ ᠮᠠᠨ ᠤ᠋ ᠳ᠋ᠤ᠌《ᠬᠣᠷᠮᠣᠢ ᠶ᠋ᠢᠨ ᠬᠤᠪᠢᠰᠬᠠᠯ》 ᠮᠠᠨᠳᠤᠵᠤ ᠪᠣᠢ ᠶ᠋ᠢᠨ ᠨᠢᠭᠡ ᠢᠯᠡᠷᠡᠯ ᠮᠥᠨ᠃ 《ᠬᠣᠷᠮᠣᠢ ᠶ᠋ᠢᠨ ᠬᠤᠪᠢᠰᠬᠠᠯ》 ᠭᠡᠭᠴᠢ ᠰᠣᠶᠣᠯ ᠤ᠋ᠨ ᠬᠤᠪᠢᠰᠬᠠᠯ ᠠᠳᠠᠯᠢ ᠴᠢᠰᠤ ᠤᠷᠤᠰᠬᠠᠬᠤ ᠦᠭᠡᠢ᠂ ᠬᠥᠮᠦᠰ ᠦ᠋ᠨ ᠣᠶᠤᠨ ᠰᠠᠨᠠᠭᠠᠨ ᠳ᠋ᠤ᠌ ᠡᠭᠦᠯᠡ ᠪᠣᠷᠣᠭᠠᠨ ᠤ᠋ ᠶᠠᠪᠤᠳᠠᠯ ᠢ᠋ ᠦᠵᠡᠬᠦ ᠦᠵᠡᠯ᠂ ᠬᠠᠨᠳᠤᠯᠭ᠎ᠠ ᠳ᠋ᠤ᠌ ᠭᠠᠷᠴᠤ ᠪᠣᠢ ᠡᠷᠭᠢᠯᠲᠡ ᠥᠭᠡᠷᠡᠴᠢᠯᠡᠯᠲᠡ ᠳᠠᠷᠤᠢ ᠮᠥᠨ᠃ ᠬᠥᠮᠦᠨ ᠪᠦᠬᠦᠨ ᠡᠭᠦᠯᠡ ᠪᠣᠷᠣᠭᠠᠨ ᠤ᠋ ᠶᠠᠪᠤᠳᠠᠯ ᠤ᠋ᠨ《ᠴᠠᠭᠠᠨ ᠲᠣᠯᠣᠭᠠᠢ》 ᠶ᠋ᠢ ᠨᠢᠭᠡᠨᠲᠡ ᠲᠠᠢᠯᠵᠤ᠂ ᠡᠷ᠎ᠡ ᠡᠮ᠎ᠡ ᠶ᠋ᠢᠨ ᠶᠣᠰᠣᠨ ᠤ᠋ ᠥᠨᠳᠥᠷ ᠰᠣᠶᠣᠯ ᠥᠪ ᠲᠡᠭᠰᠢ ᠬᠥᠮᠦᠵᠢᠯ ᠢ᠋ ᠪᠡᠶ᠎ᠡ ᠳ᠋ᠡᠭᠡᠨ ᠥᠪᠴᠢ ᠰᠢᠩᠭᠡᠭᠡᠭᠰᠡᠨ ᠴᠠᠭ ᠲᠤ᠌ ᠰᠠᠶᠢ《ᠬᠣᠷᠮᠣᠢ ᠶ᠋ᠢᠨ ᠬᠤᠪᠢᠰᠬᠠᠯ》 ᠢᠯᠠᠬᠤ ᠪᠣᠯᠤᠨ᠎ᠠ᠃ ᠡᠷᠳᠡᠮᠲᠡᠨ ᠮᠡᠷᠭᠡᠳ ᠠᠯᠢᠪᠠ ᠤᠯᠤᠰ ᠨᠡᠢᠭᠡᠮ ᠢ᠋ ᠪᠡᠯᠭᠡ ᠶ᠋ᠢᠨ ᠠᠮᠢᠳᠤᠷᠠᠯ ᠢ᠋ᠶ᠋ᠠᠨ ᠵᠣᠬᠢᠶᠠᠨ ᠪᠠᠢᠭᠤᠯᠵᠤ᠂ ᠬᠥᠲᠥᠯᠦᠨ ᠶᠠᠪᠤᠭᠤᠯᠵᠤ ᠪᠣᠢ ᠪᠠᠢᠳᠠᠯ ᠢ᠋ᠶ᠋ᠠᠷ ᠨᠢ ᠬᠣᠶᠠᠷ ᠬᠤᠪᠢᠶᠠᠳᠠᠭ ᠪᠢᠯᠡ᠃ ᠡᠬᠢᠨ ᠦ᠌ ᠬᠢᠨᠢ ᠶ᠋ᠢ᠂ ᠲᠤᠬᠠᠢᠯᠠᠪᠠᠯ ᠡᠷ᠎ᠡ ᠡᠮ᠎ᠡ ᠶ᠋ᠢᠨ ᠶᠣᠰᠣᠨ ᠤ᠋ ᠠᠮᠢᠳᠤᠷᠠᠯ ᠲᠠᠢ ᠬᠣᠯᠪᠣᠭ᠎ᠠ ᠲᠠᠢ ᠪᠣᠯᠭᠠᠨ ᠢ᠋ ᠦᠵᠡᠯ ᠰᠤᠷᠲᠠᠯᠵᠢᠭᠤᠯᠵᠤ᠂ ᠡᠷᠬᠡ ᠴᠢᠯᠥᠭᠡ ᠶ᠋ᠢ ᠬᠠᠭᠠᠨ ᠪᠣᠭᠣᠭᠳᠠᠭᠤᠯᠳᠠᠭ᠃ ᠪᠦᠬᠦᠨ ᠢ᠋ ᠨᠢᠭᠤᠴᠠᠯᠠᠨ ᠳᠠᠷᠤᠩᠭᠤᠢᠯᠠᠳᠠᠭ《ᠬᠠᠭᠠᠯᠲᠠ ᠲᠠᠢ》᠂ ᠬᠠᠷᠠᠩᠭᠤᠢ ᠪᠥᠭᠯᠡᠭᠦᠦ ᠨᠡᠢᠭᠡᠮ᠂ ᠡᠭᠦᠨ ᠳ᠋ᠦ᠍ ᠮᠠᠨ ᠤ᠋ ᠬᠢ ᠲᠡᠳᠦᠢ ᠦᠭᠡᠢ ᠬᠥᠷᠰᠢ ᠵᠡᠷᠭᠡᠯᠡᠳᠡᠭᠡ ᠵᠠᠷᠢᠮ ᠲᠣᠮᠣ ᠭᠦᠷᠦᠨ ᠴᠦ᠍ ᠬᠤᠷᠠᠵᠤ ᠪᠠᠭᠲᠠᠨ᠎ᠠ᠃ ᠨᠥᠭᠥᠭᠡᠳᠡᠬᠢ ᠠᠯᠢᠪᠠ ᠭᠣᠬ᠎ᠠ ᠳᠡᠭᠡᠭᠡ᠂ ᠰᠢᠬᠠᠯᠲᠠ ᠬᠠᠪᠴᠢᠯᠭ᠎ᠠ ᠣᠭᠲᠣ ᠪᠠᠢᠬᠤ ᠦᠭᠡᠢ᠂ ᠨᠢᠭᠤᠵᠤ ᠬᠠᠭᠠᠬᠤ ᠶᠠᠭᠤᠮ᠎ᠠ ᠥᠴᠦᠬᠡᠨ ᠴᠦ᠍ ᠦᠭᠡᠢ《ᠨᠡᠭᠡᠭᠡᠯᠲᠡᠲᠡᠢ》᠂《ᠵᠠᠳᠠᠭᠠᠢ》᠂ ᠡᠷᠬᠡ ᠴᠢᠯᠥᠭᠡᠲᠦ ᠶᠢᠷᠲᠢᠨᠴᠦ ᠶᠦᠮ᠃ ᠴᠣᠬᠣᠮ ᠡᠢᠮᠦ ᠤᠯᠤᠰ ᠨᠡᠢᠭᠡᠮ ᠥᠪᠡᠷᠰᠡᠳ ᠢ᠋ ᠪᠡᠨ《ᠬᠣᠷᠮᠣᠢ ᠶ᠋ᠢᠨ ᠬᠤᠪᠢᠰᠬᠠᠯ》 ᠢᠯᠠᠭᠰᠠᠨ ᠣᠷᠣᠨ ᠭᠡᠵᠦ ᠳᠡᠯᠡᠬᠡᠢ ᠳ᠋ᠦ᠍ ᠭᠠᠢᠬᠠᠭᠤᠯᠵᠤ ᠪᠠᠢᠭ᠎ᠠ ᠪᠥᠭᠡᠳ ᠲᠡᠢᠮᠦ ᠤᠯᠤᠰ ᠭᠦᠷᠦᠨ ᠦ᠌ ᠲᠣᠭᠠᠨ ᠳ᠋ᠤ᠌ ᠥᠷᠥᠨᠡᠲᠦ ᠶ᠋ᠢᠨ ᠣᠯᠠᠨ ᠤᠯᠤᠰ ᠣᠷᠣᠨ᠂ ᠲᠤᠬᠠᠢᠯᠠᠪᠠᠯ᠂ ᠰᠸᠳᠢ ᠤᠯᠤᠰ ᠣᠷᠣᠨ᠎ᠠ᠃ ᠥᠷᠥᠨᠡᠲᠦ ᠶ᠋ᠢᠨ ᠣᠷᠣᠨ ᠨᠤᠭᠤᠳ ᠲᠤ᠌ ᠬᠡᠦᠬᠡᠳ ᠲᠦ᠍ ᠡᠷ᠎ᠡ ᠡᠮ᠎ᠡ ᠶ᠋ᠢᠨ ᠶᠣᠰᠣᠨ ᠤ᠋ ᠵᠥᠪ ᠬᠥᠮᠦᠵᠢᠯ ᠪᠠᠭ᠎ᠠ ᠪᠠᠯᠴᠢᠷ ᠠ᠋ᠴᠠ ᠨᠢ ᠡᠬᠢᠯᠡᠵᠦ ᠣᠯᠭᠣᠳᠠᠭ ᠪᠣᠯᠬᠣᠷ ᠲᠡᠳᠡ ᠡᠭᠦᠯᠡ ᠪᠣᠷᠣᠭᠠᠨ ᠤ᠋ ᠶᠠᠪᠤᠳᠠᠯ ᠢ᠋ ᠦᠵᠡᠭᠡᠳ ᠲᠡᠭᠡᠲᠡᠯ᠎ᠡ ᠰᠦᠢᠳ ᠮᠡᠢᠳ ᠪᠣᠯᠳᠠᠭ ᠦᠭᠡᠢ ᠠᠵᠠᠢ᠃ ᠥᠷᠥᠨᠡᠲᠦ ᠶ᠋ᠢᠨ ᠣᠷᠣᠨ ᠨᠤᠭᠤᠳ ᠳᠡᠯᠡᠬᠡᠢ ᠶ᠋ᠢᠨ ᠬᠣᠶᠠᠳᠤᠭᠠᠷ ᠲᠡᠢᠨ ᠡᠴᠡ ᠬᠣᠢᠰᠢ《ᠴᠢᠯᠥᠭᠡᠲᠡᠢ》 ᠶᠢᠷᠲᠢᠨᠴᠦ ᠪᠣᠯᠤᠭᠰᠠᠨ ᠠᠭᠠᠳ ᠰᠡᠭᠦᠯ ᠦ᠋ᠨ ᠬᠣᠷᠢ ᠭᠠᠷᠤᠢ ᠵᠢᠯ《ᠬᠣᠷᠮᠣᠢ ᠶ᠋ᠢᠨ ᠬᠤᠪᠢᠰᠬᠠᠯ》 ᠥᠷᠨᠢᠵᠦ ᠪᠠᠢᠨ᠎ᠠ᠃ ᠤᠷᠢᠳᠤ ᠨᠢ ᠬᠣᠷᠮᠣᠢ ᠶ᠋ᠢᠨ ᠶᠠᠪᠤᠳᠠᠯ ᠢ᠋ ᠰᠢᠭᠤᠳ ᠢᠯᠡ ᠪᠡᠷ ᠪᠢᠴᠢᠳᠡᠭ ᠦᠭᠡᠢ ᠶᠠᠮᠠᠷ ᠨᠢᠭᠡᠨ《ᠨᠡᠷ᠎ᠡ ᠲᠣᠮᠢᠶ᠎ᠠ》 ᠪᠠᠷ ᠳᠠᠮᠵᠢᠭᠤᠯᠵᠤ᠂ ᠬᠠᠯᠬᠠᠪᠴᠢ ᠬᠢᠳᠡᠭ ᠪᠠᠢᠭᠰᠠᠨ ᠪᠣᠯ ᠰᠡᠭᠦᠯ ᠦ᠋ᠨ ᠦᠶ᠎ᠡ ᠳ᠋ᠦ᠍ ᠡᠭᠦᠨ ᠢ᠋ ᠢᠯᠡ ᠵᠠᠳᠠᠭᠠᠢ᠂《ᠲᠦᠭᠦᠬᠡᠢ》 ᠴᠢᠭ ᠢ᠋ᠶ᠋ᠡᠷ ᠨᠢ ᠭᠠᠷᠭᠠᠬᠤ ᠪᠣᠯᠤᠭᠰᠠᠨ᠃ ᠤᠷᠢᠳᠤ ᠨᠢ ᠪᠦᠰᠡᠭᠦᠢ ᠬᠥᠮᠦᠨ ᠦ᠌ ᠵᠥᠪᠬᠡᠨ ᠡᠪᠦᠳᠦᠭ ᠢ᠋ ᠭᠠᠷᠭᠠᠬᠤ ᠳ᠋ᠤ᠌ ᠰᠣᠴᠢᠳᠠᠭ ᠪᠠᠢᠭᠰᠠᠨ ᠪᠣᠯ ᠣᠳᠣ ᠣᠭᠲᠣ ᠲᠣᠭᠣᠬᠤ ᠪᠠᠨ ᠪᠠᠢᠵᠠᠢ᠃ ᠲᠡᠷᠡ ᠪᠦᠦ ᠬᠡᠯᠡ ᠰᠺᠰᠱᠤᠫ᠂ ᠫᠣᠷᠨᠣᠱᠫ ᠬᠡᠮᠡᠬᠦ ᠳᠡᠯᠭᠡᠭᠦᠷ ᠬᠦᠷᠲᠡᠯ᠎ᠡ ᠪᠣᠢ ᠪᠣᠯᠵᠠᠢ᠃ ᠡᠢᠨᠬᠦ ᠥᠷᠥᠨᠡᠲᠦ ᠶ᠋ᠢᠨ ᠣᠷᠣᠨ ᠨᠤᠭᠤᠳ ᠲᠤ᠌ ᠥᠷᠨᠢᠵᠦ ᠪᠣᠢ《ᠬᠣᠷᠮᠣᠢ ᠶ᠋ᠢᠨ ᠬᠤᠪᠢᠰᠬᠠᠯ》 ᠬᠡᠵᠢᠶ᠎ᠡ ᠥᠨᠳᠥᠷᠯᠡᠬᠦ ᠬᠢᠭᠡᠳ ᠶᠠᠮᠠᠷ ᠦᠷ᠎ᠡ ᠳ᠋ᠦᠩ ᠳ᠋ᠦ᠍ ᠬᠦᠷᠬᠦ ᠶ᠋ᠢ ᠭᠠᠭᠴᠠᠬᠦ ᠴᠠᠭ ᠬᠤᠭᠤᠴᠠᠭ᠎ᠠ ᠯᠠ ᠬᠠᠷᠠᠭᠤᠯᠤᠨ᠎ᠠ᠃ ᠬᠥᠮᠦᠨ ᠭᠡᠭᠴᠢ ᠴᠠᠭ ᠤ᠋ᠨ ᠪᠦᠲᠦᠭᠡᠭᠳᠡᠬᠦᠨ ᠠᠭᠠᠳ ᠤᠯᠠᠷᠢᠬᠤ ᠴᠠᠭ ᠤ᠋ᠨ ᠢᠳᠢ ᠰᠢᠳᠢ ᠭᠠᠢᠬᠠᠮᠰᠢᠭᠲᠠᠢ᠂ ᠪᠤᠶᠠᠨ ᠢ᠋ ᠨᠢᠭᠦᠯ ᠴᠦ᠍ ᠪᠣᠯᠭᠠᠨ᠎ᠠ᠂ ᠨᠢᠭᠦᠯ ᠢ᠋ ᠪᠤᠶᠠᠨ ᠴᠦ᠍ ᠪᠣᠯᠭᠠᠨ᠎ᠠ᠃ ᠴᠠᠭ ᠴᠠᠭ ᠢ᠋ᠶ᠋ᠠᠷ ᠢ᠋ᠶ᠋ᠠᠨ ᠪᠠᠢᠳᠠᠭ ᠦᠭᠡᠢ᠂ ᠴᠠᠬᠢᠯᠳᠠᠭ ᠬᠥᠬᠡ ᠪᠡᠷ ᠢ᠋ᠶ᠋ᠡᠨ ᠪᠠᠢᠳᠠᠭ ᠦᠭᠡᠢ ᠪᠣᠯᠬᠣᠷ ᠬᠡᠳᠦᠢᠪᠡᠷ ᠮᠠᠨᠠᠢᠬᠢᠨ ᠡᠭᠦᠯᠡ ᠪᠣᠷᠣᠭᠠᠨ ᠤ᠋ ᠶᠠᠪᠤᠳᠠᠯ ᠢ᠋ ᠢᠯᠠᠨ ᠳᠠᠯᠠᠨ ᠦᠭᠡᠢ᠂ ᠥᠭᠦᠯᠡᠬᠦ ᠡᠴᠡ ᠢᠴᠢᠵᠦ ᠵᠣᠪᠠᠳᠠᠭ ᠪᠠᠢᠳᠠᠭ ᠴᠦ᠍ ᠭᠡᠰᠡᠨ ᠥᠨᠥᠳᠥᠷ ᠡᠨᠡ ᠴᠢᠮᠡᠭᠡ ᠦᠭᠡᠢ ᠥᠩᠭᠡᠷᠡᠵᠦ ᠶᠠᠪᠤᠵᠤ ᠪᠣᠯᠬᠤ ᠦᠭᠡᠢ ᠪᠣᠯᠵᠠᠢ᠃ ᠬᠥᠭᠵᠢᠯ ᠦ᠋ᠨ ᠶᠡᠷᠦᠩᠬᠡᠢ ᠬᠠᠨᠳᠤᠯᠭ᠎ᠠ ᠶ᠋ᠢ ᠠᠪᠴᠤ ᠦᠵᠡᠪᠡᠯ ᠬᠣᠷᠢᠭ᠎ᠠ ᠴᠡᠭᠡᠷ ᠲᠡᠢ ᠵᠦᠢᠯ ᠦ᠋ᠨ ᠵᠠᠭᠠᠭ ᠬᠢᠵᠠᠭᠠᠷ ᠬᠤᠮᠢᠭᠳᠠᠬᠤ ᠲᠥᠯᠥᠪᠲᠡᠢ ᠪᠠᠢᠨ᠎ᠠ᠃ 
       ᠡᠢᠮᠦ ᠳ᠋ᠦ᠍ ᠦᠨᠳᠦᠰᠦᠲᠡᠨ ᠦ᠌ ᠰᠣᠶᠣᠯ ᠤ᠋ᠨ ᠰᠢᠮ᠎ᠡ ᠲᠡᠢ ᠬᠥᠷᠥᠰᠥᠨ ᠳ᠋ᠦ᠍ ᠪᠠᠲᠤᠲᠠᠢ ᠲᠤᠯᠭᠠᠭᠤᠷᠢᠯᠠᠬᠤ ᠠ᠋ᠴᠠ ᠭᠠᠳᠠᠨ᠎ᠠ ᠳᠡᠯᠡᠬᠡᠢ ᠶ᠋ᠢᠨ ᠰᠣᠶᠣᠯ ᠢᠷᠭᠡᠨᠰᠢᠯ᠂ ᠥᠷᠥᠨᠡᠳᠠᠬᠢᠨ ᠤ᠋ ᠰᠣᠶᠣᠯ ᠠ᠋ᠴᠠ ᠬᠣᠴᠣᠷᠤᠯ ᠦᠭᠡᠢ ᠰᠤᠷᠤᠯᠴᠠᠬᠤ᠂ ᠤᠯᠠᠮᠵᠢᠯᠠᠬᠤ ᠵᠦᠢᠯ ᠴᠦ᠍ ᠪᠣᠢ᠃ ᠪᠠᠰᠠ ᠬᠣᠴᠣᠷᠴᠢᠬᠠᠨ᠎ᠠ ᠭᠡᠵᠦ ᠵᠣᠪᠠᠯ ᠦᠭᠡᠢ ᠳᠠᠭᠤᠷᠢᠶᠠᠯ ᠦᠭᠡᠢ ᠥᠩᠭᠡᠷᠡᠵᠦ ᠪᠣᠯᠬᠤ ᠪᠠᠷ ᠵᠦᠢᠯ ᠴᠦ᠍ ᠪᠠᠢᠨ᠎ᠠ᠃ ᠴᠣᠬᠣᠮ ᠡᠭᠦᠨ ᠦ᠌ ᠲᠣᠭᠠᠨ ᠳ᠋ᠤ᠌ ᠰᠠᠳᠤᠷ ᠰᠠᠮᠠᠭᠤᠨ᠂ ᠤᠵᠢᠳ ᠵᠠᠪᠬᠠᠢ ᠶᠠᠪᠤᠳᠠᠯ ᠢ᠋ ᠡᠷᠡᠭᠡ ᠴᠡᠭᠡᠷ ᠦᠭᠡᠢ᠂ ᠢᠴᠢᠭᠦᠷᠢ ᠰᠤᠨᠵᠢᠭᠤᠷᠢ ᠦᠭᠡᠢ ᠳᠦᠷᠰᠦᠯᠡᠨ ᠦᠵᠡᠭᠦᠯᠦᠭᠰᠡᠨ ᠺᠢᠨᠣ᠋᠂ ᠰᠢ ᠳᠦᠷᠰᠦ ᠪᠢᠴᠢᠯᠭᠡ(ᠫᠣᠷᠨᠣᠭᠷᠠᠹᠤᠶ᠎ᠠ) ᠣᠷᠣᠨ᠎ᠠ᠃ ᠡᠨᠳᠡ ᠨᠢᠭᠡ ᠵᠦᠢᠯ ᠢ᠋ ᠲᠠ ᠪᠦᠬᠦᠨ ᠳ᠋ᠦ᠍ ᠵᠣᠷᠢᠭᠤᠳᠠ ᠰᠣᠨᠣᠷᠳᠠᠭᠤᠯᠤᠮᠠᠷ ᠪᠠᠢᠨ᠎ᠠ᠃ ᠶᠠᠭᠤ ᠪᠣᠢ ᠭᠡᠪᠡᠯ ᠵᠠᠷᠢᠮ ᠤᠬᠠᠪᠤᠷᠢ ᠮᠥᠴᠢᠳ ᠬᠥᠮᠦᠰ ᠡᠭᠦᠯᠡ ᠪᠣᠷᠣᠭᠠᠨ ᠤ᠋ ᠶᠠᠪᠤᠳᠠᠯ(ᠰᠸᠺᠰ) ᠢ᠋ ᠤᠵᠢᠳ ᠵᠠᠪᠬᠠᠢ ᠰᠠᠳᠤᠷ ᠰᠠᠮᠠᠭᠤᠨ ᠶᠠᠪᠤᠳᠠᠯ ᠢ᠋ ᠳᠦᠷᠰᠦᠯᠡᠭᠰᠡᠨ ᠵᠣᠬᠢᠶᠠᠯ(ᠫᠣᠷᠨᠣᠭᠷᠠᠹᠤᠶ᠎ᠠ) ᠲᠠᠢ ᠬᠠᠳᠬᠤᠬᠤ ᠭᠡᠮ ᠪᠢᠰᠢᠭᠦᠢ ᠲᠠᠭᠠᠷᠠᠬᠤ ᠶᠤᠮ᠃ ᠡᠳᠡᠭᠡᠷ ᠨᠢ ᠬᠣᠭᠣᠷᠣᠨᠳᠣ ᠪᠠᠨ ᠡᠷᠡᠰ ᠢᠯᠭᠠᠭ᠎ᠠ ᠲᠠᠢ ᠡᠰᠡᠷᠭᠦ ᠲᠡᠰᠡᠷᠭᠦ ᠤᠬᠠᠭᠳᠠᠬᠤᠨ ᠪᠢᠯᠡ᠃ ᠡᠭᠦᠯᠡ ᠪᠣᠷᠣᠭᠠᠨ ᠤ᠋ ᠶᠠᠪᠤᠳᠠᠯ(ᠰᠸᠺᠰ) ᠠᠷᠢᠭᠤᠨ ᠬᠠᠢᠷ᠎ᠠ ᠳᠡᠭᠡᠷ᠎ᠡ ᠲᠣᠭᠲᠠᠳᠠᠭ ᠪᠣᠯ ᠰᠠᠳᠤᠷ ᠰᠠᠮᠠᠭᠤᠨ ᠶᠠᠪᠤᠳᠠᠯ(ᠫᠣᠷᠨᠣᠭᠷᠠᠹᠤᠶ᠎ᠠ) ᠨᠢ ᠭᠠᠭᠴᠠᠬᠦ ᠥᠩᠭᠡ᠂ ᠮᠥᠩᠭᠥᠨ ᠳᠡᠭᠡᠷ᠎ᠡ ᠯᠡ ᠲᠣᠭᠲᠠᠨ᠎ᠠ᠃ ᠲᠡᠭᠦᠨᠴᠢᠯᠡᠨ ᠰᠠᠳᠤᠷ ᠰᠠᠮᠠᠭᠤᠨ᠂ ᠵᠠᠪᠬᠠᠢ ᠶᠠᠪᠤᠳᠠᠯ ᠢ᠋ ᠳᠦᠷᠰᠦᠯᠡᠭᠰᠡᠨ ᠵᠣᠬᠢᠶᠠᠯ ᠢ᠋ ᠳᠤᠷᠠᠯᠠᠯ ᠲᠠᠴᠢᠶᠠᠯ᠂ ᠤᠷᠢᠨ ᠲᠠᠴᠢᠶᠠᠩᠭᠤᠢ ᠦᠵᠡᠭᠦᠯᠦᠭᠰᠡᠨ ᠵᠣᠬᠢᠶᠠᠯ ᠠ᠋ᠴᠠ(ᠡᠷᠦᠲ᠋ᠢᠨᠺᠡ) ᠪᠠᠰᠠ ᠢᠯᠭᠠᠵᠤ ᠦᠵᠡᠪᠡᠯ ᠵᠣᠬᠢᠨ᠎ᠠ᠃ ᠡᠭᠦᠯᠡ ᠪᠣᠷᠣᠭᠠᠨ ᠤ᠋ ᠶᠠᠪᠤᠳᠠᠯ᠂ ᠤᠷᠠᠨ ᠲᠠᠴᠢᠶᠠᠩᠭᠤᠢ ᠭᠡᠭᠴᠢ ᠡᠷᠳᠡᠨᠢᠲᠦ ᠬᠥᠮᠦᠨ ᠳ᠋ᠦ᠍ ᠵᠠᠪᠠᠯ ᠪᠠᠢᠬᠤ ᠤᠴᠢᠷ ᠲᠠᠢ᠂ ᠶᠠᠭᠠᠬᠢᠭᠠᠳ ᠭᠡᠪᠡᠯ ᠡᠭᠦᠨ ᠢ᠋ ᠪᠠᠢᠭᠠᠯᠢ ᠡᠬᠡ ᠬᠠᠢᠷᠠᠯᠠᠭᠰᠠᠨ ᠪᠥᠯᠥᠭᠡ᠃ ᠬᠠᠷᠢᠨ ᠰᠠᠳᠤᠷ ᠰᠠᠮᠠᠭᠤᠨ᠂ ᠤᠵᠢᠳ ᠵᠠᠪᠬᠠᠢ᠂ ᠪᠤᠰᠤᠷᠮᠠᠭ ᠶᠠᠪᠤᠳᠠᠯ(ᠫᠣᠷᠨᠣᠭᠷᠠᠹᠤᠶ᠎ᠠ) ᠪᠣᠯ ᠬᠥᠮᠦᠨ ᠦ᠌ ᠶᠣᠰᠣᠨ ᠳ᠋ᠤ᠌ ᠬᠠᠷᠰᠢ᠂ ᠬᠥᠮᠦᠨ ᠪᠤᠰᠤ ᠠᠷᠠᠨᠰᠢᠨ ᠤᠴᠢᠷ ᠪᠠᠢᠭᠠᠯᠢ ᠡᠬᠡ ᠲᠡᠭᠦᠨ ᠢ᠋ ᠵᠠᠪᠠᠯ ᠬᠡᠰᠭᠡᠭᠡᠨ ᠴᠡᠭᠡᠷᠯᠡᠭᠦᠯᠦᠨ᠎ᠡ᠃ ᠰᠠᠳᠤᠷ ᠰᠠᠮᠠᠭᠤᠨ ᠶᠠᠪᠤᠳᠠᠯᠲᠠᠨ᠂ ᠳᠠᠭᠤᠴᠢ ᠡᠮᠡᠰ ᠢ᠋ ᠬᠥᠮᠦᠨ ᠦ᠌ ᠠᠮᠢᠳᠤᠷᠠᠯ ᠳ᠋ᠤ᠌ ᠲᠣᠬᠢᠶᠠᠯᠳᠤᠳᠠᠭ᠂ ᠪᠠᠢᠵᠤ ᠪᠣᠯᠬᠤ《ᠨᠢᠭᠤᠴᠠ ᠠᠮᠠᠷᠠᠭ》 ᠲᠠᠢ ᠵᠦᠢᠷᠯᠡᠨ ᠠᠳᠠᠯᠢᠳᠬᠠᠵᠤ ᠶᠠᠭᠠᠬᠢᠨ ᠪᠣᠯᠬᠤ ᠪᠢᠯᠡ᠃ ᠨᠢᠭᠤᠴᠠ ᠠᠮᠠᠷᠠᠭ ᠭᠡᠭᠴᠢ ᠥᠨᠥ ᠮᠠᠷᠭᠠᠰᠢ ᠶ᠋ᠢᠨ ᠥᠪᠡᠷ ᠦ᠋ᠨ ᠵᠢᠷᠭᠠᠯ ᠬᠠᠢᠭᠴᠢ ᠪᠢᠰᠢ᠂ ᠶᠣᠰᠣᠲᠠᠢ ᠰᠡᠳᠬᠢᠯ ᠦ᠋ᠨ᠂ ᠠᠷᠭ᠎ᠠ ᠦᠭᠡᠢ ᠠᠮᠠᠷᠠᠭ ᠪᠠᠢᠪᠠᠯ ᠶᠠᠭᠠᠬᠢᠯᠲᠠᠢ ᠪᠢᠯᠡ᠃ ᠳᠠᠭᠤᠴᠢ ᠡᠮ᠎ᠡ ᠶ᠋ᠢᠨ ᠦᠨᠡᠨ ᠨᠢᠭᠤᠷ ᠴᠢᠷᠠᠢ ᠭᠡᠪᠡᠯ《ᠠᠨᠳᠠᠭᠤ ᠳᠠᠭᠤᠯᠠᠬᠤ ᠦᠭᠡᠢ ᠪᠣᠯ ᠦᠭᠡᠢ ᠭᠡᠬᠦ ᠦᠭᠡᠢ》᠂《ᠬᠡᠨ ᠢ᠋ ᠴᠦ᠍ ᠬᠡᠨ ᠪᠤᠭᠠᠢ ᠭᠡᠳᠡᠭ ᠦᠭᠡᠢ》᠂《ᠮᠢᠨᠦ ᠪᠠᠨᠲᠠᠭᠠᠷ ᠶᠠᠮᠠᠷ ᠦᠨ᠎ᠡ ᠬᠦᠷᠬᠦ ᠪᠣᠯ》 ᠭᠡᠵᠦ ᠪᠥᠭᠰᠡ ᠪᠡᠨ ᠦᠨᠡᠯᠡᠨ ᠬᠤᠳᠠᠯᠳᠤᠭᠴᠢᠳ᠂ ᠲᠡᠭᠦᠪᠡᠷ ᠠᠮᠢ ᠪᠠᠨ ᠵᠢᠭᠤᠭᠴᠢᠳ ᠶᠤᠮ᠃ 
       ᠡᠨᠳᠡ ᠪᠠᠰᠠ ᠨᠢᠭᠡ ᠵᠦᠢᠯ ᠢ᠋ ᠵᠣᠷᠢᠭᠤᠳᠠ ᠠᠩᠬᠠᠷᠤᠭᠤᠯᠬᠤ ᠳ᠋ᠤ᠌ ᠬᠦᠰᠡᠯ ᠢ᠋ᠶ᠋ᠡᠨ ᠪᠠᠷᠢᠵᠤ ᠲᠡᠪᠴᠢᠬᠦ ᠦᠭᠡᠢ ᠪᠣᠯᠤᠭᠰᠠᠨ《ᠬᠣᠷᠮᠣᠢ ᠶᠢᠨ ᠲᠤᠩ》 ᠱᠥᠭᠯᠡᠭᠴᠢᠳ ᠢ᠋ ᠳᠠᠭᠤᠴᠢ ᠡᠮ᠎ᠡ ᠡᠴᠡ ᠢᠯᠭᠠᠨ ᠰᠠᠯᠭᠠᠵᠤ ᠣᠢᠯᠠᠭᠠᠬᠤ ᠬᠡᠷᠡᠭᠲᠡᠢ ᠶᠦᠮ᠃ ᠡᠨᠡ ᠪᠣᠯ ᠨᠢᠭᠡ ᠨᠢ ᠡᠪᠡᠳᠴᠢᠨ᠂ ᠨᠥᠭᠦᠭᠡ ᠨᠢ ᠨᠡᠢᠭᠡᠮ ᠦ᠋ᠨ ᠦᠵᠡᠭᠳᠡᠯ ᠶᠦᠮ᠃ 
       ᠡᠴᠦᠰ ᠲᠦ᠍ ᠬᠡᠯᠡᠬᠦ ᠳ᠋ᠦ᠍ ᠥᠷᠭᠡᠨ ᠣᠯᠠᠨ ᠳ᠋ᠠᠭᠠᠨ ᠪᠠᠷᠢᠵᠤ ᠪᠣᠢ ᠡᠨᠡᠬᠦ ᠨᠣᠮ ᠮᠠᠨᠢ《ᠳᠤᠲᠠᠭᠤ ᠶ᠋ᠢ ᠭᠦᠢᠴᠡᠭᠡᠵᠦ᠂ ᠳᠤᠮᠳᠠᠭᠤᠷ ᠢ᠋ ᠳᠦᠭᠦᠷᠭᠡᠨ᠎ᠡ》 ᠭᠡᠭᠴᠢ ᠪᠡᠷ ᠲᠠᠨ ᠤ᠋ ᠮᠡᠳᠡᠭᠡ ᠦᠭᠡᠢ᠂ ᠣᠢᠯᠠᠭᠠᠭ᠎ᠠ ᠦᠭᠡᠢ ᠶᠠᠪᠤᠭᠰᠠᠨ ᠢ᠋ ᠮᠡᠳᠡᠭᠦᠯᠵᠦ᠂ ᠣᠢᠯᠠᠭᠠᠭᠤᠯᠵᠤ᠂ ᠳᠤᠲᠠᠭᠤ ᠳᠤᠯᠢᠮᠠᠭ ᠪᠣᠳᠣᠭᠰᠠᠨ ᠢ᠋ ᠴᠢᠨᠢ ᠭᠦᠢᠴᠡᠭᠡᠵᠦ ᠥᠭᠪᠡᠯ ᠥᠴᠦᠬᠡᠨ ᠮᠢᠨᠦ ᠬᠡᠷᠡᠭ ᠪᠦᠲᠦᠵᠦ᠂ ᠮᠠᠩᠨᠠᠢ ᠲᠡᠨᠢᠢᠬᠦ ᠠᠵᠢᠶᠠᠮᠤ᠃ ᠡᠷᠦᠬᠡ ᠪᠦᠯᠢ ᠪᠦᠬᠦᠨ ᠳ᠋ᠦ᠍ ᠠᠵᠠ ᠵᠢᠷᠭᠠᠯ ᠤ᠋ᠨ ᠭᠡᠷᠡᠯ ᠭᠡᠭᠡ ᠲᠤᠶᠠᠭᠠᠷᠠᠬᠤ ᠪᠣᠯᠲᠤᠭᠠᠢ! 

                   (ᠬᠠᠰᠣ᠋ᠳᠤ᠂ ᠰᠡᠷᠭᠦᠯᠡᠩ ᠪᠠᠭᠤᠯᠭᠠᠪᠠ) 

             ᠬᠡᠪᠯᠡᠯ ᠦ᠋ᠨ ᠲᠣᠳᠣᠷᠬᠠᠢᠯᠠᠯᠲᠠ  

       ᠮᠣᠩᠭᠣᠯ ᠤᠯᠤᠰ ᠤ᠋ᠨ ᠡᠮᠨᠡᠯᠭᠡ ᠶ᠋ᠢᠨ ᠳᠡᠭᠡᠳᠦ ᠰᠤᠷᠭᠠᠭᠤᠯᠢ ᠶ᠋ᠢᠨ ᠪᠢᠣᠯᠣᠭᠢ ᠶ᠋ᠢᠨ ᠤᠬᠠᠭᠠᠨ ᠤ᠋ ᠳ᠋ᠣᠺᠲ᠋ᠣᠷ ᠳ᠋᠂ ᠪᠤᠯᠤᠳᠴᠠᠷᠢᠩ ᠤ᠋ᠨ1990 ᠣᠨ ᠳ᠋ᠤ᠌ ᠤᠯᠠᠭᠠᠨᠪᠠᠭᠠᠲᠤᠷ ᠬᠣᠲᠠᠨ᠎ᠠ ᠰᠢᠨ᠎ᠡ ᠮᠣᠩᠭᠣᠯ ᠦᠰᠦᠭ ᠢ᠋ᠶ᠋ᠡᠷ ᠲᠤᠭᠤᠷᠪᠢᠨ ᠪᠢᠴᠢᠵᠦ ᠬᠡᠪᠯᠡᠭᠦᠯᠦᠭᠰᠡᠨ《ᠡᠷ᠎ᠡ ᠡᠮ᠎ᠡ ᠶ᠋ᠢᠨ ᠶᠣᠰᠣᠨ》 ᠬᠡᠮᠡᠬᠦ ᠡᠨᠡ ᠨᠣᠮ ᠢ᠋ ᠡᠳᠦᠭᠡ ᠪᠢᠳᠡ ᠬᠠᠭᠤᠴᠢᠨ ᠮᠣᠩᠭᠣᠯ ᠦᠰᠦᠭ ᠢ᠋ᠶ᠋ᠡᠷ ᠪᠠᠭᠤᠯᠭᠠᠨ ᠬᠡᠪᠯᠡᠭᠦᠯᠬᠦ ᠳ᠋ᠡᠭᠡᠨ ᠤᠤᠯ ᠨᠣᠮ ᠤ᠋ᠨ ᠭᠠᠳᠠᠷ ᠨᠠᠭᠤᠷ ᠢ᠋ ᠰᠢᠨ᠎ᠡ ᠪᠡᠷ ᠤᠷᠠᠯᠠᠨ ᠵᠢᠷᠤᠵᠤ᠂ ᠳᠣᠲᠣᠷ᠎ᠠ ᠨᠢ ᠬᠠᠪᠰᠤᠷᠭᠠᠭᠰᠠᠨ ᠵᠢᠷᠤᠭ ᠤ᠋ᠳ ᠢ᠋ ᠬᠠᠰᠤᠵᠤ᠂ ᠵᠠᠷᠢᠮ ᠨᠡᠷ᠎ᠡ ᠲᠣᠮᠢᠶ᠎ᠠ ᠪᠣᠯᠤᠨ ᠦᠭᠡ ᠥᠭᠦᠯᠡᠪᠦᠷᠢ ᠶ᠋ᠢᠨ ᠤᠳᠬ᠎ᠠ ᠶ᠋ᠢ ᠦᠯᠦ ᠬᠤᠪᠢᠷᠠᠭᠤᠯᠬᠤ ᠵᠠᠷᠴᠢᠮ ᠤ᠋ᠨ ᠳᠣᠣᠷ᠎ᠠ ᠮᠠᠨ ᠤ᠋ ᠣᠷᠣᠨ ᠤ᠋ ᠥᠷᠭᠡᠨ ᠣᠯᠠᠨ ᠤᠩᠰᠢᠭᠴᠢᠳ ᠤ᠋ᠨ ᠢ᠋ᠶ᠋ᠠᠨ ᠣᠢᠯᠠᠭᠠᠮᠵᠢ ᠰᠠᠢᠲᠠᠢ ᠪᠤᠶᠤ ᠬᠡᠷᠡᠭᠯᠡᠵᠦ ᠳᠠᠳᠤᠭᠰᠠᠨ ᠦᠭᠡ ᠬᠡᠯᠡᠯᠭᠡ ᠪᠡᠷ ᠵᠠᠰᠠᠭᠰᠠᠨ ᠢ᠋ ᠡᠨᠳᠡ ᠲᠣᠳᠣᠷᠬᠠᠢᠯᠠᠨ ᠮᠡᠳᠡᠭᠳᠡᠶ᠎ᠡ᠃ ᠡᠷ᠎ᠡ ᠡᠮ᠎ᠡ ᠶ᠋ᠢᠨ ᠠᠮᠢᠳᠤᠷᠠᠯ ᠪᠣᠯ ᠡᠬᠡ ᠪᠠᠢᠭᠠᠯᠢ ᠠ᠋ᠴᠠ ᠬᠥᠮᠦᠨ ᠲᠥᠷᠥᠯᠬᠢᠲᠡᠨ ᠳ᠋ᠦ᠍ ᠬᠠᠢᠷᠠᠯᠠᠭᠰᠠᠨ ᠬᠡᠰᠢᠭ ᠪᠤᠶᠠᠨ ᠪᠢᠯᠡ᠃ ᠬᠥᠮᠦᠨ ᠲᠥᠷᠥᠯᠬᠢᠲᠡᠨ ᠡᠨᠡ ᠬᠡᠰᠢᠭ ᠪᠤᠶᠠᠨ ᠢ᠋ᠶ᠋ᠠᠨ ᠡᠳ᠋ᠯᠡᠬᠦ ᠳ᠋ᠡᠭᠡᠨ ᠪᠢᠰᠢᠭᠦᠢ ᠣᠯᠠᠨ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠱᠠᠭᠠᠷᠳᠠᠭᠳᠠᠨ᠎ᠠ᠃ ᠬᠥᠮᠦᠨ ᠪᠣᠯᠭᠠᠨ ᠪᠠᠶᠠᠨ ᠨᠣᠶᠠᠨ ᠪᠤᠶᠤ ᠡᠷᠳᠡᠮᠲᠡᠨ ᠪᠠᠭᠰᠢ ᠪᠣᠯᠬᠤ ᠠᠯᠪᠠ ᠦᠭᠡᠢ᠂ ᠭᠡᠪᠡᠴᠦ ᠬᠥᠮᠦᠨ ᠪᠣᠯᠭᠠᠨ ᠡᠬᠡ ᠡᠴᠢᠭᠡ ᠪᠣᠯᠬᠤ ᠶᠣᠰᠣᠲᠠᠢ᠃ ᠬᠡᠦᠬᠡᠳ ᠥᠰᠴᠦ ᠪᠡᠶ᠎ᠡ ᠵᠡᠷᠭᠡ ᠳ᠋ᠦ᠍ ᠬᠦᠷᠬᠦ ᠳ᠋ᠦ᠍᠂ ᠢᠯᠠᠩᠭᠤᠶ᠎ᠠ ᠲᠣᠭᠣᠨᠣ ᠲᠠᠢ ᠭᠡᠷ ᠲᠦ᠍ ᠲᠣᠯᠣᠭᠠᠢ ᠬᠣᠯᠪᠣᠵᠤ᠂ ᠲᠣᠭᠣᠭ᠎ᠠ ᠲᠠᠢ ᠬᠣᠭᠣᠯᠠᠨ ᠳ᠋ᠤ᠌ ᠬᠣᠰᠢᠭᠤ ᠬᠣᠯᠪᠣᠨ ᠠᠢᠯ ᠭᠡᠷ ᠪᠣᠯᠵᠤ᠂ ᠠᠵᠤ ᠲᠥᠷᠥᠨ ᠰᠠᠭᠤᠬᠤ ᠳ᠋ᠠᠭᠠᠨ ᠡᠷ᠎ᠡ ᠡᠮ᠎ᠡ ᠪᠣᠯᠣᠭᠰᠠᠳ《ᠡᠭᠦᠯᠡ ᠪᠣᠷᠣᠭᠠᠨ ᠤ᠋ ᠶᠠᠪᠤᠳᠠᠯ》 ᠢ᠋ ᠵᠦᠢᠲᠡᠢ ᠰᠠᠢᠬᠠᠨ ᠡᠭᠦᠰᠬᠡᠵᠦ ᠪᠠᠢᠬᠤ ᠨᠢ ᠵᠥᠪᠬᠡᠨ ᠦᠷ᠎ᠡ ᠬᠡᠦᠬᠡᠳ ᠲᠡᠢ ᠪᠣᠯᠬᠤ ᠶ᠋ᠢᠨ ᠲᠥᠯᠥᠭᠡ ᠯᠡ ᠪᠢᠰᠢ᠂ ᠪᠠᠰᠠ ᠢᠨᠠᠭ ᠬᠠᠢᠷ᠎ᠠ ᠶ᠋ᠢᠨ ᠪᠠᠯ ᠪᠤᠷᠠᠮ ᠢ᠋ ᠠᠮᠲᠠᠯᠠᠵᠤ᠂ ᠭᠡᠷ ᠪᠦᠯᠢ ᠶ᠋ᠢᠨ ᠠᠵᠠ ᠵᠢᠷᠭᠠᠯ ᠢ᠋ᠶ᠋ᠠᠨ ᠪᠠᠲᠤ ᠴᠣᠭᠴᠠᠯᠠᠵᠤ᠂ ᠪᠡᠶ᠎ᠡ ᠰᠡᠳᠬᠢᠯ ᠢ᠋ᠶ᠋ᠡᠨ ᠬᠡᠵᠢᠶᠡᠳᠡ ᠡᠷᠡᠭᠦᠯ ᠡᠩᠬᠡ ᠠᠪᠴᠤ ᠶᠠᠪᠤᠬᠤ ᠳ᠋ᠤ᠌ ᠳᠤᠲᠠᠭᠳᠠᠵᠤ ᠪᠣᠯᠣᠰᠢ ᠦᠭᠡᠢ ᠠᠷᠭ᠎ᠠ ᠪᠢᠯᠢᠭ ᠦ᠋ᠨ ᠵᠣᠬᠢᠴᠠᠯ ᠪᠢᠯᠡ᠃ ᠭᠡᠪᠡᠴᠦ ᠡᠭᠦᠨ ᠢ᠋ ᠰᠢᠨᠵᠢᠯᠡᠬᠦ ᠤᠬᠠᠭᠠᠨ᠂ ᠪᠢᠣᠯᠣᠭᠢ ᠶ᠋ᠢᠨ ᠮᠡᠳᠡᠯᠭᠡ ᠬᠢᠭᠡᠳ ᠨᠡᠢᠭᠡᠮ ᠦ᠋ᠨ ᠳᠡᠪᠰᠢᠯᠲᠡ᠂ ᠵᠠᠩ ᠮᠣᠷᠠᠯ ᠤ᠋ᠨ ᠡᠭᠦᠳᠡᠨ ᠡᠴᠡ ᠵᠥᠪ ᠲᠠᠨᠢᠨ ᠦᠢᠯᠡᠳᠬᠦ ᠦᠭᠡᠢ ᠪᠣᠯ ᠬᠤᠪᠢ ᠬᠥᠮᠦᠨ ᠦ᠌ ᠪᠡᠶ᠎ᠡ ᠰᠡᠳᠬᠢᠯ᠂ ᠭᠡᠷ ᠪᠦᠯᠢ ᠶ᠋ᠢᠨ ᠠᠵᠠ ᠵᠢᠷᠭᠠᠯ᠂ ᠨᠡᠢᠭᠡᠮ ᠨᠡᠢᠲᠡ ᠶ᠋ᠢᠨ ᠠᠮᠤᠷ ᠲᠦᠪᠰᠢᠨ ᠪᠠ ᠥᠷᠨᠢᠯ ᠬᠥᠭᠵᠢᠯ ᠳ᠋ᠦ᠍ ᠪᠦᠷ ᠮᠠᠭᠤ ᠨᠥᠯᠥᠭᠡ ᠪᠣᠯᠳᠠᠭ᠃ ᠲᠤᠰ ᠨᠣᠮ ᠡᠳᠡᠭᠡᠷ ᠶᠣᠰᠣ ᠤᠴᠢᠷ ᠢ᠋ ᠮᠣᠩᠭᠣᠯ ᠰᠡᠳᠬᠢᠴᠡ ᠪᠡᠷ ᠵᠠᠳᠠᠯᠤᠨ ᠰᠢᠨᠵᠢᠯᠡᠵᠦ᠂ ᠤᠷᠤᠰᠤᠮ᠎ᠠ ᠰᠠᠢᠬᠠᠨ ᠮᠣᠩᠭᠣᠯ ᠬᠡᠯᠡ ᠪᠡᠷ ᠢ᠋ᠶ᠋ᠡᠨ ᠮᠠᠰᠢ ᠲᠣᠳᠣᠷᠬᠠᠢ ᠥᠭᠦᠯᠡᠭᠰᠡᠨ ᠪᠥᠭᠡᠳ ᠡᠷᠲᠡ ᠡᠳᠦᠭᠡ ᠪᠠ ᠭᠠᠳᠠᠭᠠᠳᠤ ᠳᠣᠲᠣᠭᠠᠳᠤ ᠶ᠋ᠢᠨ ᠬᠣᠪᠣᠷ ᠨᠠᠨᠳᠢᠨ ᠮᠠᠲ᠋ᠧᠷᠢᠶᠠᠯ ᠢ᠋ ᠬᠢᠨᠠᠯᠲᠠ ᠪᠣᠯᠭᠠᠨ᠂ ᠥᠨᠥ ᠶ᠋ᠢᠨ ᠨᠡᠢᠭᠡᠮ ᠦ᠋ᠨ ᠦᠨᠡᠨ ᠪᠣᠳᠠᠲᠤ ᠠᠮᠢᠳᠤᠷᠠᠯ ᠳᠤᠮᠳᠠᠬᠢ ᠪᠢᠰᠢᠭᠦᠢ ᠣᠯᠠᠨ ᠠᠰᠠᠭᠤᠳᠠᠯ ᠲᠠᠢ ᠬᠣᠯᠪᠣᠭᠳᠠᠭᠤᠯᠤᠨ ᠠᠩᠬᠠᠷᠤᠨ ᠰᠤᠳᠤᠯᠤᠭᠰᠠᠨ ᠲᠤᠯᠠ ᠮᠠᠨ ᠤ᠋ ᠣᠷᠣᠨ ᠤ᠋ ᠡᠷᠬᠢᠮ ᠣᠯᠠᠨ ᠤᠩᠰᠢᠭᠴᠢᠳ᠂ ᠢᠯᠠᠩᠭᠤᠶ᠎ᠠ ᠪᠡᠶ᠎ᠡ ᠵᠡᠷᠭᠡ ᠳ᠋ᠦ᠍ ᠬᠦᠷᠴᠦ ᠶᠠᠪᠤᠭ᠎ᠠ ᠵᠠᠯᠠᠭᠤᠴᠤᠳ ᠲᠤ᠌ ᠶᠠᠭᠤ ᠪᠠᠷ ᠴᠦ᠍ ᠦᠯᠦ ᠬᠡᠮᠵᠢᠭᠳᠡᠬᠦ ᠠᠷᠢᠭᠤᠨ ᠶᠡᠬᠡ ᠪᠤᠶᠠᠨ ᠪᠣᠯᠬᠤ ᠪᠤᠢ᠎ᠠ ᠭᠡᠮᠡᠨ ᠪᠠᠲᠤ ᠢᠲᠡᠭᠡᠨᠡᠮ!  
                                 ᠨᠠᠢᠷᠠᠭᠤᠯᠤᠭᠴᠢ ᠠ᠋ᠴᠠ 1998 ᠣᠨ ᠤ᠋
                                         7 ᠰᠠᠷ᠎ᠠ ᠶ᠋ᠢᠨ10 ᠤ᠋ ᠡᠳᠦᠷ   

       ᠬᠣᠷᠢᠨ ᠨᠢᠭᠡᠳᠦᠭᠡᠷ ᠵᠠᠭᠤᠨ ᠤ᠋ ᠴᠠᠬᠢᠮ ᠶᠢᠷᠲᠢᠨᠴᠦ ᠳ᠋ᠦ᠍ ᠮᠣᠩᠭᠣᠯ ᠬᠡᠯᠡ ᠮᠢᠨᠢ ᠴᠠᠬᠢᠮᠵᠢᠬᠤ ᠠᠭᠱᠠᠨ ᠳ᠋ᠤ᠌ ᠳᠡᠭᠡᠷ᠎ᠡ ᠦᠶ᠎ᠡ ᠶ᠋ᠢᠨ ᠮᠡᠷᠭᠡᠳ ᠦ᠋ᠨ ᠦᠷ᠎ᠡ ᠪᠦᠲᠦᠭᠡᠯ ᠢ᠋ ᠠᠮᠢᠯᠠᠭᠤᠯᠤᠨ ᠤᠳᠤᠮ ᠬᠣᠢᠴᠢᠰ ᠲᠠᠭᠠᠨ ᠵᠣᠯᠭᠠᠭᠤᠯᠬᠤ ᠪᠣᠯᠤᠭᠰᠠᠨ ᠳ᠋ᠠᠭᠠᠨ ᠪᠠᠶᠠᠷᠲᠠᠢ ᠪᠠᠢᠨ᠎ᠠ! 

       ᠠᠮᠢᠯᠠᠭᠤᠯᠤᠭᠰᠠᠨ ᠦᠰᠦᠭ ᠦ᠋ᠨ ᠮᠢᠨᠢ ᠠᠯᠳᠠᠭ᠎ᠠ ᠪᠤᠷᠤᠭᠤ ᠶ᠋ᠢ ᠦᠵᠡᠵᠦ ᠮᠡᠳᠡᠪᠡᠯ ᠠᠭᠤᠴᠢᠯᠠᠨ ᠰᠢᠭᠦᠮᠵᠢᠯᠡᠵᠦ ᠠᠩᠬᠠᠷᠤᠭᠤᠯᠤᠨ ᠥᠭᠬᠦ ᠶ᠋ᠢ ᠤᠩᠰᠢᠭᠴᠢ ᠲᠦᠮᠡᠨ ᠡᠴᠡ ᠦᠷᠭᠦᠯᠵᠢ ᠬᠦᠯᠢᠶᠡᠨ᠎ᠡ! ᠡᠷᠡᠨ ᠵᠠᠭᠤᠨ ᠤ᠋ ᠬᠡᠢᠮᠣᠷᠢ ᠰᠦᠯᠵᠢᠶ᠎ᠡ ᠳ᠋ᠦ᠍ ᠡᠯᠪᠡᠭ ᠪᠠᠶᠠᠯᠢᠭ ᠦᠭᠡᠰ ᠦ᠋ᠨ ᠰᠠᠩ ᠲᠠᠢ ᠡᠷᠳᠡᠮᠲᠡᠨ ᠮᠡᠷᠭᠡᠳ ᠦ᠋ᠨ ᠵᠢᠪᠬᠤᠭᠠᠲᠤ ᠡᠩᠨᠡᠭᠡ ᠲᠡᠢ ᠡᠷᠬᠢᠮᠰᠦᠭ ᠭᠤᠸ᠎ᠠ ᠮᠣᠩᠭᠣᠯᠴᠤᠳ ᠤ᠋ᠨ ᠤᠳᠤᠮ ᠬᠣᠢᠴᠢᠰ ᠤ᠋ᠨ ᠪᠤᠶᠠᠨ ᠨᠡᠮᠡᠭᠳᠡᠵᠦ ᠣᠯᠠᠨ ᠪᠣᠯᠵᠤ ᠲᠥᠯᠵᠢᠨ ᠳᠡᠯᠭᠡᠷᠡᠬᠦ ᠨᠢ 《ᠡᠷ᠎ᠡ ᠡᠮ᠎ᠡ ᠶ᠋ᠢᠨ ᠶᠣᠰᠣᠨ》 ᠪᠤᠢ᠎ᠠ! 

           ᠦᠰᠦᠭ ᠠᠮᠢᠯᠠᠭᠤᠯᠤᠭᠴᠢ᠄ ᠬᠠᠳᠠᠴᠢᠨ ᠱᠠᠵᠢᠨ 
                ᠬᠢᠨᠠᠭᠴᠢ᠄ ᠪᠤᠤ᠂ ᠰᠠᠷᠠᠨ᠎ᠠ 

                                     2025ᠣᠨ ᠤ᠋9 ᠰᠠᠷ᠎ᠠ ᠶ᠋ᠢᠨ26 ᠤ᠋ ᠡᠳᠦᠷ