ᠡᠵᠢ ᠶᠢᠨ ᠴᠢᠨᠠᠭᠰᠠᠨ ᠴᠠᠢ-ᠵᠢᠪᠬᠤᠯᠠᠩ Ээжийн чанасан цай-Жавхлан
ᠡᠵᠢ ᠵᠢᠨ ᠴᠢᠨᠠᠭᠰᠠᠨ ᠴᠠᠢ
ᠲᠠᠭᠣᠴᠢᠨ᠄ ᠰ᠂
ᠵᠢᠪᠬᠤᠯᠠᠩ
ᠣᠣᠭᠣᠭᠠᠳ ᠰᠠᠭᠤᠬᠤ ᠳ᠋ᠤ᠌ ᠮᠢᠨᠢ ᠣᠷᠮ᠎ᠡ ᠰᠡᠷᠭᠦᠭᠰᠡᠨ
ᠣᠣᠭᠠᠯ ᠨᠣᠳᠣᠭ ᠊ᠤᠨ ᠮᠢᠨᠢ ᠠᠮᠳᠠᠳᠠᠶ᠋ᠢᠬᠠᠨ ᠴᠠᠢ
ᠣᠯᠠᠨ ᠲᠦᠮᠡᠨ ᠊ᠦ ᠮᠢᠨᠢ ᠣᠮᠳᠠᠭᠠᠨ ᠪᠣᠯᠣᠭᠰᠠᠨ
ᠣᠷᠴᠢᠯᠠᠩ ᠳ᠋ᠤ᠌ ᠭᠠᠭᠴᠠᠬᠠᠨ ᠡᠵᠢ ᠵᠢᠨ ᠮᠢᠨᠢ ᠴᠢᠨᠠᠭᠰᠠᠨ
ᠴᠠᠢ
ᠠᠢ ᠁ ᠬᠦ᠋
ᠡᠵᠢ ᠵᠢᠨ ᠮᠢᠨᠢ ᠠᠮᠳᠠᠳᠠᠶ᠋ᠢᠬᠠᠨ ᠴᠠᠢ
ᠨᠣᠶ᠋ᠢᠷᠣᠨ ᠲᠣᠮᠳᠠ ᠮᠢᠨᠢ ᠦᠵᠡᠭᠳᠡᠭᠡᠳ ᠪᠠᠶ᠋ᠢᠳᠠᠭ
ᠨᠣᠳᠣᠭ ᠊ᠤᠨ ᠮᠢᠨᠢ ᠠᠭᠠᠭ ᠲᠠᠢ ᠠᠮᠳᠠᠳᠠᠶ᠋ᠢᠬᠠᠨ ᠴᠠᠢ
ᠬᠣᠰᠢᠭᠤ ᠠᠯᠭᠠᠰᠠᠭᠠᠳ ᠵᠣᠷᠢᠭᠠᠳ ᠣᠴᠢᠬᠤ ᠳ᠋ᠤ᠌ ᠮᠢᠨᠢ
ᠨᠢᠷᠣᠭᠣ ᠨᠢ ᠨᠠᠮᠬᠠᠨ ᠡᠵᠢ ᠵᠢᠨ ᠮᠢᠨᠢ ᠴᠢᠨᠠᠭᠰᠠᠨ ᠴᠠᠢ
ᠠᠢ᠁ ᠭᠦ᠋
ᠡᠵᠢ ᠵᠢᠨ ᠮᠢᠨᠢ ᠠᠮᠳᠠᠳᠠᠶ᠋ᠢᠬᠠᠨ ᠴᠠᠢ
ᠬᠠᠷᠠᠵᠠᠨ ᠊ᠤ ᠣᠰᠣ ᠪᠠᠷ ᠵᠠᠯᠠᠵᠦ ᠴᠢᠨᠠᠭᠰᠠᠨ ᠴᠠᠢ
ᠬᠠᠷᠢ ᠵᠢᠨ ᠭᠦᠮᠦᠨ ᠢ ᠵᠣᠴᠢᠯᠠᠵᠤ ᠣᠭᠳᠣᠭᠰᠠᠨ
ᠬᠠᠢᠯᠭᠠᠨ ᠰᠡᠳᠬᠢᠯ ᠵᠢᠡᠷ ᠵᠢᠡᠨ ᠲᠠᠪᠠᠬᠯᠠᠵᠦ ᠰᠦᠯᠡᠭᠰᠡᠨ
ᠬᠠᠷᠠᠬᠠᠨ ᠨᠢᠳᠦᠲᠡᠢ ᠬᠠᠨᠢ ᠵᠢᠨ ᠮᠢᠨᠢ ᠴᠢᠨᠠᠭᠰᠠᠨ ᠴᠠᠢ
ᠠᠢ᠁ ᠠ ᠭᠦ᠋
ᠡᠵᠢ ᠵᠢᠨ ᠮᠢᠨᠢ ᠠᠮᠳᠠᠳᠠᠶ᠋ᠢᠬᠠᠨ ᠴᠠᠢ
ᠪᠢᠷ᠎ᠠ ᠲᠠᠢ ᠡᠷᠡᠴᠦᠦᠯ ᠊ᠤᠨ ᠠᠮᠳᠠᠯᠠᠵᠦ ᠥᠰᠦᠭᠰᠡᠨ
ᠪᠡᠶ᠎ᠡ ᠵᠢᠨ ᠭᠢᠨᠢ ᠴᠢᠯᠡᠭᠡ ᠵᠢ ᠨᠢ ᠲᠠᠶ᠋ᠢᠯᠵᠦ ᠦᠭᠭᠦᠭᠰᠡᠨ
ᠪᠡᠷ᠎ᠡ ᠨᠢ ᠬᠠᠷᠠᠬᠳᠠᠬᠣ ᠨᠡᠭᠦᠳᠡᠯ ᠊ᠦᠨ ᠡᠮᠣᠨ᠎ᠡ ᠡᠴᠠ
ᠪᠠᠷᠢᠭᠠᠳ ᠯᠡ ᠲᠣᠰᠳᠠᠭ ᠡᠵᠢ ᠵᠢᠨ ᠮᠢᠨᠢ ᠴᠢᠨᠠᠭᠰᠠᠨ ᠴᠠᠢ
ᠠᠢ ᠁ ᠠ ᠭᠦ᠋
ᠡᠵᠢ ᠵᠢᠨ ᠮᠢᠨᠢ ᠠᠮᠳᠠᠳᠠᠶ᠋ᠢᠬᠠᠨ ᠴᠠᠢ᠃
