ᠬᠦᠷᠦ ᠳᠠᠭᠤᠤ ᠮᠢᠨᠢ-ᠲᠤᠶᠠᠭ᠎ᠠGör duu mini-TuyaaГөр дуу минь-Туяа
ᠬᠦᠷᠦ ᠳᠠᠭᠤᠤ ᠮᠢᠨᠢ
ᠦᠭᠡ᠄ ᠬᠥᠭᠵᠢᠯᠲᠦ
ᠠᠶ᠎ᠠ᠄ ᠲᠡᠮᠦᠷᠪᠠᠲᠤ
ᠲᠤᠶᠠᠭ᠎ᠠ ᠳᠠᠭᠤᠯᠠᠨ᠎ᠠ
ᠬᠦᠷᠦ ᠳᠠᠭᠤᠤ ᠮᠢᠨᠢ᠂ ᠬᠦᠷᠦ ᠳᠠᠭᠤᠤ ᠮᠢᠨᠢ
ᠬᠥᠪᠴᠢ ᠶ᠋ᠢᠨ ᠮᠠᠩᠬᠠᠨ ᠤ᠋ ᠤᠶᠠᠩᠭ᠎ᠠ ᠲᠠᠢ
ᠬᠥᠮᠦᠨ ᠦ᠌ ᠶᠢᠷᠲᠢᠨᠴᠦ ᠳ᠋ᠦ᠍ ᠠᠮᠢᠯᠠᠭᠰᠠᠨ
ᠬᠦᠰᠡᠯ ᠦ᠋ᠨ ᠵᠢᠯᠣᠭᠣ ᠲᠠᠢ ᠬᠦᠷᠦ ᠳᠠᠭᠤᠤ
ᠳᠠᠶᠠᠩ ᠳᠡᠯᠡᠬᠡᠢ ᠳ᠋ᠦ᠍ ᠳᠠᠭᠤᠷᠢᠰᠤᠯ ᠲᠠᠢ
ᠳᠡᠯᠭᠡᠷ ᠪᠤᠶᠠᠨ ᠲᠠᠢ ᠬᠦᠷᠦ ᠳᠠᠭᠤᠤ
ᠰᠠᠨᠰᠠᠷ ᠲᠩᠷᠢ ᠡᠴᠡ ᠬᠠᠢᠷᠠᠯᠠᠭᠰᠠᠨ
ᠰᠤᠷᠭᠠᠯ ᠶᠡᠬᠡᠲᠡᠢ ᠬᠦᠷᠦ ᠳᠠᠭᠤᠤ᠃
ᠰᠠᠢᠯᠤᠤᠷ ᠸᠠᠳᠠᠢᠨ ᠰᠠᠢ᠁
ᠰᠠᠨᠠᠭ᠎ᠠ ᠲᠠᠢᠪᠤᠩ ᠵᠢᠷᠭᠠᠶ᠎ᠠ !
ᠠᠶᠠᠬᠠᠨ ᠸᠠᠢᠳᠤᠨ ᠰᠠᠢ᠁
ᠠᠰᠢᠳᠠ ᠶ᠋ᠢᠨ ᠠᠮᠤᠭᠤᠯᠠᠩ ᠪᠣᠯᠲᠤᠭᠠᠢ !
ᠮᠥᠩᠬᠡ ᠲᠩᠷᠢ ᠶ᠋ᠢᠨ ᠢᠪᠡᠭᠡᠯ ᠲᠡᠢ
ᠢᠷᠦᠭᠡᠯ ᠮᠠᠭᠲᠠᠭᠠᠯ ᠲᠠᠢ ᠬᠦᠷᠦ ᠳᠠᠭᠤᠤ
ᠮᠣᠩᠭᠣᠯ ᠲᠦᠮᠡᠨ ᠢ᠋ᠶ᠋ᠡᠨ ᠤᠬᠠᠭᠠᠷᠠᠭᠤᠯᠤᠭᠰᠠᠨ
ᠡᠷᠬᠢᠮᠰᠦᠭ ᠶᠣᠰᠣᠲᠠᠢ ᠬᠦᠷᠦ ᠳᠠᠭᠤᠤ
ᠪᠣᠭᠳᠠ ᠡᠵᠡᠨ ᠡᠴᠡ ᠵᠠᠶᠠᠭᠠᠭᠰᠠᠨ
ᠪᠤᠷᠬᠠᠨ ᠰᠤᠷᠭᠠᠯ ᠲᠠᠢ ᠬᠦᠷᠦ ᠳᠠᠭᠤᠤ
ᠪᠣᠳᠠᠰ ᠤ᠋ᠨ ᠪᠤᠰᠤ ᠰᠣᠶᠣᠯ ᠢ᠋ᠶ᠋ᠠᠷ ᠲᠠᠮᠠᠭᠠᠯᠠᠭᠰᠠᠨ
ᠪᠤᠭᠤᠷᠤᠯ ᠲᠡᠦᠬᠡ ᠲᠡᠢ ᠬᠦᠷᠦ ᠳᠠᠭᠤᠤ᠃
ᠰᠠᠢᠯᠤᠤᠷ ᠸᠠᠢᠳᠤᠨ ᠰᠠᠢ᠁
ᠰᠠᠨᠠᠭ᠎ᠠ ᠲᠠᠢᠪᠤᠩ ᠵᠢᠷᠭᠠᠶ᠎ᠠ !
ᠠᠶᠠᠬᠠᠨ ᠸᠠᠢᠳᠤᠨ ᠰᠠᠢ᠁
ᠠᠰᠢᠳᠠ ᠶ᠋ᠢᠨ ᠠᠮᠤᠭᠤᠯᠠᠩ ᠪᠣᠯᠲᠤᠭᠠᠢ !
ᠦᠰᠦᠭ ᠠᠮᠢᠯᠠᠭᠤᠯᠤᠭᠴᠢ᠄ ᠵᠢᠷᠠᠨᠲᠠᠢ
ᠦᠰᠦᠭ ᠬᠠᠳᠠᠭᠴᠢ᠄ ᠵᠢᠷᠠᠨᠲᠠᠢ
ᠦᠰᠦᠭ ᠬᠢᠨᠠᠭᠴᠢ᠄ ᠤᠤᠭᠠᠨᠵᠢᠳ
