ᠦᠯᠡᠮᠵᠢ ᠶ᠋ᠢᠨ ᠰᠠᠢᠬᠠᠨ ᠬᠣᠷᠸ᠎ᠠ - ᠯ ∙ ᠨᠠᠩᠰᠠᠯᠮ᠎ᠠ ᠯ∙ ᠳ᠋ᠠᠷᠢᠮ᠎ᠠҮлэмжийн сайхан хорвоо - Л.Нансалмаа Л. Даариймаа Ulemjiin saihan horvoo Nansalmaa
ᠦᠯᠡᠮᠵᠢ ᠶ᠋ᠢᠨ ᠰᠠᠢᠬᠠᠨ ᠬᠣᠷᠸ᠎ᠠ
ᠦᠭᠡ᠄ ᠪ• ᠶᠠᠪᠤᠭᠤᠬᠤᠯᠠᠩ
ᠠᠶ᠎ᠠ᠄ ᠱ• ᠪᠠᠲᠤᠰᠠᠢᠬᠠᠨ
ᠳᠠᠭᠤᠴᠢᠨ᠄ ᠯ• ᠨᠠᠩᠰᠠᠯᠮ᠎ᠠ᠂ ᠯ • ᠳ᠋ᠠᠷᠢᠮ᠎ᠠ
ᠦᠯᠡᠮᠵᠢ ᠶ᠋ᠢᠨ ᠰᠠᠢᠬᠠᠨ ᠬᠣᠷᠸ᠎ᠠ ᠳ᠋ᠤ᠌
ᠲᠡᠭᠡᠭᠡᠵᠦ ᠲᠥᠷᠥᠭᠦᠯᠦᠭᠰᠡᠨ ᠡᠵᠢ ᠪᠡᠨ
ᠦᠰᠦ ᠮᠢᠨᠢ ᠪᠤᠭᠤᠷᠤᠯ ᠪᠣᠯᠬᠤ ᠳ᠋ᠤ᠌
ᠦᠶ᠎ᠡ ᠦᠶ᠎ᠡ ᠯᠡ ᠪᠣᠳᠣᠬᠤ ᠶᠤᠮ
ᠦᠷ ᠦ᠋ᠨ ᠴᠠᠭᠠᠨ ᠭᠡᠭᠡ ᠲᠡᠢ
ᠤᠷᠢᠲᠠᠵᠤ ᠵᠣᠯᠭᠠᠬᠤ ᠡᠩᠭᠡᠷ ᠲᠦ᠍
ᠦᠯᠡᠳᠡᠭᠡᠳ ᠬᠣᠴᠣᠷᠤᠭᠰᠠᠨ ᠡᠵᠢ ᠪᠡᠨ
ᠪᠠᠢᠨ ᠪᠠᠢᠨ ᠰᠠᠨᠠᠬᠤ ᠶᠤᠮ᠃
ᠢᠩᠭᠡᠨ ᠬᠠᠪᠲᠠᠭᠠᠢ ᠶ᠋ᠢᠨ ᠰᠦ ᠪᠡᠷ
ᠴᠠᠢ ᠰᠦᠯᠡᠵᠦ ᠤᠤᠭᠤᠯᠭᠠᠭᠠ ᠦᠭᠡᠢ ᠪᠣᠯᠬᠣᠷ
ᠡᠵᠢ ᠶ᠋ᠢᠨ ᠢ᠋ᠶ᠋ᠡᠨ ᠠᠴᠢ ᠶ᠋ᠢ ᠪᠢ
ᠶᠠᠭᠤ ᠪᠠᠷ ᠴᠦ᠍ ᠬᠠᠷᠢᠭᠤᠯᠤᠭᠰᠠᠨ ᠭᠡᠬᠦᠪ ᠳᠧ
ᠦᠷ ᠦ᠋ᠨ ᠴᠠᠭᠠᠨ ᠭᠡᠭᠡ ᠲᠡᠢ
ᠤᠷᠢᠲᠠᠵᠤ ᠵᠣᠯᠭᠠᠬᠤ ᠡᠩᠭᠡᠷ ᠲᠦ᠍
ᠦᠯᠡᠳᠡᠵᠦ ᠬᠣᠴᠣᠷᠤᠭᠰᠠᠨ ᠡᠵᠢ ᠪᠡᠨ
ᠪᠠᠢᠨ ᠪᠠᠢᠨ ᠰᠠᠨᠠᠬᠤ ᠶᠤᠮ᠃
ᠡᠮ ᠦ᠋ᠨ ᠴᠡᠴᠡᠭᠡᠰ ᠦ᠋ᠨ ᠰᠢᠭᠦᠳᠡᠷᠢ ᠳ᠋ᠦ᠍
ᠳᠠᠷᠠᠰᠤ ᠨᠡᠷᠡᠵᠦ ᠳᠠᠢᠯᠠᠭᠠ ᠦᠭᠡᠢ ᠪᠣᠯᠬᠣᠷ
ᠡᠬᠡ ᠦᠷᠡᠰ ᠦ᠋ᠨ ᠥᠷᠢ ᠶ᠋ᠢ ᠪᠢ
ᠶᠠᠭᠤ ᠪᠠᠷ ᠲᠥᠯᠥᠭᠰᠡᠨ ᠭᠡᠬᠦᠪ ᠳᠧ
ᠦᠷ ᠦ᠋ᠨ ᠴᠠᠭᠠᠨ ᠭᠡᠭᠡ ᠲᠡᠢ
ᠤᠷᠢᠲᠠᠵᠤ ᠵᠣᠯᠭᠠᠬᠤ ᠡᠩᠭᠡᠷ ᠲᠦ᠍
ᠦᠯᠡᠳᠡᠵᠦ ᠬᠣᠴᠣᠷᠤᠭᠰᠠᠨ ᠡᠵᠢ ᠪᠡᠨ
ᠪᠠᠢᠨ ᠪᠠᠢᠨ ᠰᠠᠨᠠᠬᠤ ᠶᠤᠮ
ᠦᠷ ᠦ᠋ᠨ ᠴᠠᠭᠠᠨ ᠭᠡᠭᠡ ᠲᠡᠢ
ᠤᠷᠢᠲᠠᠵᠤ ᠵᠣᠯᠭᠠᠬᠤ ᠡᠩᠭᠡᠷ ᠲᠦ᠍
ᠦᠯᠡᠳᠡᠵᠦ ᠬᠣᠴᠣᠷᠤᠭᠰᠠᠨ ᠡᠵᠢ ᠪᠡᠨ
ᠪᠠᠢᠨ ᠪᠠᠢᠨ ᠰᠠᠨᠠᠬᠤ ᠶᠤᠮ
ᠪᠠᠢᠨ ᠪᠠᠢᠨ ᠪᠣᠳᠣᠬᠤ ᠶᠤᠮ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠳᠠᠯᠠᠨᠲᠠᠢ᠂ ᠵᠢᠷᠠᠨᠲᠠᠢ
