ᠨᠢᠭᠡ ᠯᠡ ᠮᠡᠳᠡᠬᠦ ᠳ᠋ᠦ᠍-ᠬᠡᠰᠢᠭᠵᠢᠷᠭᠠᠯ Hishigjargal - Neg l medehed Хишигжаргал - Нэг л мэдэхэд
ᠨᠢᠭᠡ ᠯᠡ ᠮᠡᠳᠡᠬᠦ
ᠦᠭᠡ᠄Luuya
ᠠᠶ᠎ᠠ᠄Ariuka
ᠳᠠᠭᠤᠴᠢᠨ᠄ ᠪ᠊᠂ ᠭᠡᠰᠢᠬᠵᠢᠷᠭᠠᠯ
ᠬᠡᠨ ᠨᠢᠭᠡᠨ ᠬᠠᠮᠢᠭ᠎ᠠ ᠨᠢᠭᠡᠲᠡᠭᠡ ᠨᠠᠮᠠᠶ᠋ᠢ ᠰᠠᠨᠠᠭᠰᠠᠨ
ᠶᠠᠪᠤᠭᠰᠠᠨ ᠬᠣᠢᠨ᠎ᠠ ᠨᠢ ᠬᠠᠢᠷᠠᠲᠠᠢ ᠭᠡᠳᠡᠭ ᠢ᠋ᠶ᠋ᠡᠨ ᠰᠠᠶᠢ ᠯᠠ ᠮᠡᠳᠡᠨ᠎ᠡ
ᠪᠦᠷᠬᠦᠭ ᠪᠠᠢᠬᠤ ᠳ᠋ᠤ᠌ ᠨᠢ ᠨᠠᠷᠠ ᠶ᠋ᠢ ᠮᠡᠳᠡᠷᠡᠵᠦ ᠰᠠᠨᠠᠳᠠᠭ ᠬᠢᠷᠢᠨ᠎ᠠ
ᠬᠠᠵᠠᠭᠤ ᠳ᠋ᠤ᠌ ᠪᠠᠢᠬᠤ ᠳ᠋ᠤ᠌ ᠶᠠᠭᠠᠬᠢᠭᠠᠳ ᠨᠢᠭᠡᠨ ᠢ᠋ᠶ᠋ᠡᠨ ᠬᠠᠢᠷᠠᠯᠠᠳᠠᠭ ᠦᠭᠡᠢ ᠶᠤᠮ ᠪᠣᠢ
ᠨᠢᠭᠡ ᠯᠡ ᠮᠡᠳᠡᠬᠦ ᠳ᠋ᠦ᠍ ᠬᠠᠪᠤᠷ ᠨᠠᠮᠤᠷ
ᠤᠷᠤᠰᠤᠨ ᠥᠩᠭᠡᠷᠡᠨ᠎ᠡ ᠬᠣᠨᠣᠭ ᠡᠳᠦᠷ ᠰᠠᠷ᠎ᠠ ᠵᠢᠯ ᠦ᠋ᠳ
ᠡᠨᠡ ᠯᠡ ᠮᠥᠴᠡ ᠳ᠋ᠦ᠍ ᠴᠢ ᠪᠣᠰᠬᠢᠨᠠ ᠪᠠᠷᠠᠭᠤᠨ ᠵᠡᠭᠦᠨ
ᠤᠷᠤᠭᠰᠢ ᠪᠠᠨ ᠬᠣᠢᠰᠢ ᠪᠠᠨ ᠴᠤ᠌ ᠬᠠᠮᠢᠶ᠎ᠠ ᠦᠭᠡᠢ
ᠭᠠᠷ ᠠ᠋ᠴᠠ ᠨᠢ ᠠᠳᠬᠤ ᠶᠠᠭ ᠯᠠ ᠦᠯᠢᠭᠡᠷ ᠦ᠋ᠨ ᠬᠠᠨ ᠬᠦᠦ ᠰᠢᠭ᠌
ᠬᠠᠴᠠᠷ ᠨᠢᠭᠤᠷ ᠢ᠋ ᠢᠯᠪᠢᠨ ᠨᠦᠬᠡᠯᠡᠬᠦ ᠵᠥᠭᠡᠯᠡᠨ ᠰᠠᠯᠬᠢ ᠰᠢᠭ᠋
ᠤᠳᠠᠭᠠᠨ ᠤᠳᠠᠭᠠᠨ ᠨᠠᠮᠠᠶ᠋ᠢ ᠨᠠᠮᠠᠶ᠋ᠢ ᠲᠡᠪᠡᠷᠢᠭᠡᠴᠢ
ᠤᠳᠠᠭᠠᠨ ᠤᠳᠠᠭᠠᠨ ᠨᠠᠮᠠᠶ᠋ᠢ ᠲᠡᠪᠡᠷᠢᠭᠡᠴᠢ
ᠤᠷᠤᠭᠰᠢ ᠪᠠᠨ ᠠᠯᠬᠤᠵᠤ ᠭᠠᠷᠤᠭᠰᠠᠨ ᠮᠥᠷ ᠮᠢᠨᠢ ᠵᠥᠪᠬᠡᠨ ᠮᠢᠨᠦᠬᠢ
ᠤᠬᠢᠯᠠᠵᠤ ᠪᠠᠶᠠᠷᠯᠠᠬᠤ ᠤᠴᠢᠷᠯᠠᠵᠤ ᠭᠣᠮᠣᠳᠠᠭᠰᠠᠨ ᠬᠠᠷᠠᠴᠠ ᠨᠢ ᠴᠦ᠍ ᠮᠢᠨᠦᠬᠢ
ᠡᠭᠦᠯᠡ ᠴᠤᠭᠤᠷᠬᠠᠢ ᠶ᠋ᠢᠨ ᠨᠠᠷᠠᠨ ᠤ᠋ ᠲᠤᠶᠠᠭ᠎ᠠ ᠰᠡᠳᠬᠢᠯ ᠲᠠᠲᠠᠮ᠎ᠠ
ᠦᠭᠡ ᠪᠡᠷ ᠬᠡᠯᠡᠮᠡ ᠦᠭᠡᠢ ᠬᠥᠮᠦᠨ ᠦ᠌ ᠵᠢᠷᠭᠠᠯ ᠤ᠋ᠨ ᠰᠠᠢᠬᠠᠨ ᠢ᠋ ᠳᠠᠭᠤᠯᠠᠶ᠎ᠠ
( ᠳᠠᠬᠢᠯᠲᠠ) ( ᠳᠠᠬᠢᠯᠲᠠ)
ᠨᠢᠭᠡ ᠯᠡ ᠮᠡᠳᠡᠬᠦ ᠳ᠋ᠦ᠍ ᠬᠠᠪᠤᠷ ᠨᠠᠮᠤᠷ
ᠤᠷᠤᠰᠤᠨ ᠥᠩᠭᠡᠷᠡᠨ᠎ᠡ ᠬᠣᠨᠣᠭ ᠡᠳᠦᠷ ᠰᠠᠷ᠎ᠠ ᠵᠢᠯ ᠦ᠋ᠳ
ᠡᠨᠡ ᠯᠡ ᠮᠥᠴᠡ ᠳ᠋ᠦ᠍ ᠴᠢ ᠪᠣᠰᠬᠢᠨᠠ ᠪᠠᠷᠠᠭᠤᠨ ᠵᠡᠭᠦᠨ
ᠣᠷᠣᠭᠰᠢ ᠪᠠᠨ ᠬᠣᠢᠰᠢ ᠪᠠᠨ ᠴᠤ᠌ ᠬᠠᠮᠢᠶ᠎ᠠ ᠦᠭᠡᠢ
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
