ᠨᠠᠮᠤᠷ ᠠᠢᠰᠤᠢ -ᠪᠠᠲᠤᠰᠦ᠋ᠬᠡ ᠶ᠋ᠢᠨ ᠮᠥᠩᠬᠡᠲᠡᠮᠦᠷ Namar aisui-Batsükhyn MönkhtömörНамар айсуй-Батсүхын Мөнхтөмөр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ᠠᠢᠰᠤᠢ -ᠪᠠᠲᠤᠰᠦ᠋ᠬᠡ ᠶ᠋ᠢᠨ ᠮᠥᠩᠬᠡᠲᠡᠮᠦᠷ Namar aisui-Batsükhyn MönkhtömörНамар айсуй-Батсүхын Мөнхтөмөр

ᠨᠠᠮᠤᠷ ᠠᠢᠰᠤᠢ -ᠪᠠᠲᠤᠰᠦ᠋ᠬᠡ ᠶ᠋ᠢᠨ ᠮᠥᠩᠬᠡᠲᠡᠮᠦᠷ Namar aisui-Batsükhyn MönkhtömörНамар айсуй-Батсүхын Мөнхтөмөр

ᠠᠩᠭᠢᠯᠠᠯ:ᠳᠠᠭᠤᠤ ᠬᠥᠭᠵᠢᠮ
2025-10-18

76

ᠨᠠᠮᠤᠷ ᠠᠢᠰᠤᠢ

       ᠦᠭᠡ᠄ ᠶᠣᠩᠳᠣᠨ ᠤ᠋ ᠡᠷᠳᠡᠨᠢᠲᠣᠭᠲᠠᠬᠤ 
       ᠠᠶᠠᠯᠭᠤ᠄ ᠨᠣᠷᠪᠤ ᠶ᠋ᠢᠨ ᠪᠣᠯᠣᠳ 
       ᠬᠥᠭᠵᠢᠮ ᠦ᠋ᠨ ᠨᠠᠢᠷᠠᠭᠤᠯᠭ᠎ᠠ᠄ ᠨᠠᠰᠤᠨ᠌ᠥ᠌ᠯᠵᠡᠢ 
       ᠳᠠᠭᠤᠴᠢᠨ᠄ ᠪᠠᠲᠤᠰᠦ᠋ᠬᠡ ᠶ᠋ᠢᠨ ᠮᠥᠩᠬᠡᠲᠡᠮᠦᠷ 

ᠰᠡᠷ ᠰᠠᠷᠬᠢᠨ ᠰᠠᠯᠬᠢ ᠰᠡᠪᠡᠯᠵᠡᠭᠦᠯᠵᠦ ᠨᠠᠮᠤᠷ ᠠᠢᠰᠤᠢ 
ᠰᠠᠮ ᠰᠡᠮᠬᠡᠨ ᠰᠡᠳᠬᠢᠯ ᠰᠡᠮᠡᠷᠡᠭᠦᠯᠵᠦ ᠨᠠᠮᠤᠷ ᠠᠢᠰᠤᠢ 
ᠲᠤᠩᠭᠠᠯᠠᠭ ᠨᠠᠭᠤᠷ ᠤ᠋ᠨ ᠮᠡᠯᠮᠡᠢ ᠵᠠᠢᠷᠲᠤᠭᠤᠯᠵᠤ ᠨᠠᠮᠤᠷ ᠠᠢᠰᠤᠢ 
ᠲᠤᠷᠢᠬᠠᠨ ᠴᠡᠴᠡᠭᠡᠰ ᠦ᠋ᠨ ᠥᠯᠮᠡᠢ ᠵᠢᠩᠳᠡᠭᠡᠵᠦ ᠨᠠᠮᠤᠷ ᠠᠢᠰᠤᠢ᠃

ᠴᠢᠮ ᠴᠢᠮᠬᠢᠨ ᠠᠢᠷᠠᠭ ᠴᠢᠮᠴᠢᠭᠢᠨᠡᠭᠦᠯᠵᠦ ᠨᠠᠮᠤᠷ ᠠᠢᠰᠤᠢ 
ᠴᠠᠩ ᠴᠠᠩ ᠤ᠋ᠨ ᠰᠥᠯ ᠥᠳᠬᠡᠷᠡᠭᠦᠯᠵᠦ ᠨᠠᠮᠤᠷ ᠠᠢᠰᠤᠢ
ᠠᠭᠤᠵᠢᠭᠤ ᠲᠠᠯ᠎ᠠ ᠶ᠋ᠢᠨ ᠵᠣ ᠠᠯᠳᠠᠷᠠᠭᠤᠯᠵᠤ ᠨᠠᠮᠤᠷ ᠠᠢᠰᠤᠢ 
ᠳᠦᠭᠦᠵᠢᠭᠦᠦ ᠠᠭᠤᠯᠠᠰ ᠤ᠋ᠨ ᠣᠷᠭᠢᠯ ᠮᠥᠩᠭᠥᠷᠡᠭᠦᠯᠵᠦ ᠨᠠᠮᠤᠷ ᠠᠢᠰᠤᠢ᠃

ᠠᠶ᠎ᠠ ᠳᠠᠭᠤᠨ ᠤ᠋ ᠡᠭᠡᠰᠢᠭ ᠴᠢᠨᠠᠳᠤ ᠠ᠋ᠴᠠ ᠣᠨᠳᠣᠷᠤᠭᠰᠠᠨ
ᠠᠯᠳᠠᠩᠬᠠᠨ ᠬᠥᠭ ᠲᠡᠢ ᠨᠠᠮᠤᠷ ᠠᠢᠰᠤᠢ᠂ ᠠᠢᠰᠤᠢ ᠨᠠᠮᠤᠷ ᠠ᠋!
ᠤᠢᠲᠠᠢ ᠭᠠᠩᠭᠠᠨᠠᠨ ᠪᠤᠴᠠᠬᠤ ᠰᠢᠪᠠᠭᠤᠳ ᠤ᠋ᠨ ᠴᠤᠪᠤᠭ᠎ᠠ ᠶ᠋ᠢ ᠡᠷᠭᠢᠭᠦᠯᠦᠨ
ᠤᠶᠠᠩᠭ᠎ᠠ ᠳᠠᠭᠤᠤ ᠪᠠᠷ ᠠᠷᠭᠠᠳᠠᠮᠠᠷ᠂ ᠨᠠᠮᠤᠷ ᠠᠢᠰᠤᠢ᠂ ᠠᠢᠰᠤᠢ ᠨᠠᠮᠤᠷ ᠠ᠋!

ᠦᠶ᠎ᠡ ᠦᠶᠡᠬᠢᠨ ᠪᠣᠷᠣᠭ᠎ᠠ ᠣᠢᠯᠠᠩᠨᠠᠭᠤᠯᠵᠤ ᠨᠠᠮᠤᠷ ᠠᠢᠰᠤᠢ
ᠪᠠᠢᠨ ᠪᠠᠢᠨ ᠲᠩᠷᠢ ᠬᠢᠯᠮᠠᠭᠠᠯᠠᠭᠤᠯᠵᠤ ᠨᠠᠮᠤᠷ ᠠᠢᠰᠤᠢ
ᠡᠷᠦᠬᠡᠨ ᠦ᠌ ᠣᠭᠣᠰᠣᠷ ᠢ᠋ᠶ᠋ᠠᠷ ᠨᠡᠭᠦᠳᠡᠯ ᠳᠠᠯᠠᠯᠵᠤ ᠨᠠᠮᠤᠷ ᠠᠢᠰᠤᠢ
ᠵᠡᠭᠦᠳᠦᠨ ᠦ᠌ ᠠᠯᠤᠰ ᠲᠤ᠌ ᠪᠣᠳᠣᠯ ᠬᠦᠪᠦᠷᠡᠭᠦᠯᠵᠦ ᠨᠠᠮᠤᠷ ᠠᠢᠰᠤᠢ᠃

ᠠᠶ᠎ᠠ ᠳᠠᠭᠤᠨ ᠤ᠋ ᠡᠬᠡᠰᠢᠭ ᠴᠢᠨᠠᠳᠤ ᠠ᠋ᠴᠠ ᠣᠨᠳᠣᠷᠣᠭᠰᠠᠨ
ᠠᠯᠳᠠᠩᠬᠠᠨ ᠬᠥᠭ ᠲᠡᠢ ᠨᠠᠮᠤᠷ ᠠᠢᠰᠤᠢ᠂ ᠠᠢᠰᠤᠢ ᠨᠠᠮᠤᠷ ᠠ᠋!
ᠣᠢᠲᠠᠢ ᠭᠠᠩᠭᠠᠨᠠᠨ ᠪᠤᠴᠠᠬᠤ ᠰᠢᠪᠠᠭᠤᠳ ᠤ᠋ᠨ ᠴᠤᠪᠤᠭ᠎ᠠ ᠶ᠋ᠢ ᠡᠷᠭᠢᠭᠦᠯᠦᠨ
ᠤᠶᠠᠩᠭ᠎ᠠ ᠳᠠᠭᠤᠤ ᠪᠠᠷ ᠠᠷᠭᠠᠳᠠᠮᠠᠷ ᠨᠠᠮᠤᠷ ᠠᠢᠰᠤᠢ᠂ ᠠᠢᠰᠤᠢ ᠨᠠᠮᠤᠷ ᠠ᠋!
ᠨᠠᠮᠤᠷ ᠠᠢᠰᠤᠢ᠂ ᠠᠢᠰᠤᠢ ᠨᠠᠮᠤᠷ ᠠ᠋!

  ᠦᠰᠦᠭ ᠠᠮᠢᠯᠠᠭᠤᠯᠤᠭᠴᠢ᠄ ᠪᠠᠢ· ᠰᠠᠷᠠᠨ᠎ᠠ᠂ ᠰᠣᠳᠣ᠌ 
  ᠦᠰᠦᠭ ᠬᠠᠲᠠᠭᠴᠢ᠄ ᠪᠠᠢ· ᠰᠠᠷᠠᠨ᠎ᠠ᠂ ᠰᠣᠳᠣ᠌
  ᠬᠢᠨᠠᠭᠴᠢ᠄ ᠣᠳᠬᠠᠨᠰᠣ᠎ᠠ