ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠭᠤᠷᠪᠠ᠂ᠠᠬᠢᠮᠠᠭ ᠨᠠᠰᠤᠨ ᠤ᠋ ᠬᠥᠮᠦᠰ ᠲᠦ᠍ ᠥᠭᠬᠦ ᠠᠷᠪᠠᠨ ᠵᠥᠪᠯᠡᠮᠵᠢ Эр эмийн ёсон – Д᠂ Болдцэрэн <3-р бүлэг> - 3᠂Ахимаг насны хүмүүст өгөх арван зө ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠭᠤᠷᠪᠠ᠂ᠠᠬᠢᠮᠠᠭ ᠨᠠᠰᠤᠨ ᠤ᠋ ᠬᠥᠮᠦᠰ ᠲᠦ᠍ ᠥᠭᠬᠦ ᠠᠷᠪᠠᠨ ᠵᠥᠪᠯᠡᠮᠵᠢ Эр эмийн ёсон – Д᠂ Болдцэрэн <3-р бүлэг> - 3᠂Ахимаг насны хүмүүст өгөх арван зө

ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠭᠤᠷᠪᠠ᠂ᠠᠬᠢᠮᠠᠭ ᠨᠠᠰᠤᠨ ᠤ᠋ ᠬᠥᠮᠦᠰ ᠲᠦ᠍ ᠥᠭᠬᠦ ᠠᠷᠪᠠᠨ ᠵᠥᠪᠯᠡᠮᠵᠢ Эр эмийн ёсон – Д᠂ Болдцэрэн <3-р бүлэг> - 3᠂Ахимаг насны хүмүүст өгөх арван зө

ᠠᠩᠭᠢᠯᠠᠯ:ᠡᠷᠡᠭᠦᠯ ᠡᠩᠬᠡ
2025-10-15

208

ᠭᠤᠷᠪᠠ᠂ ᠠᠬᠢᠮᠠᠭ ᠨᠠᠰᠤᠨ ᠤ᠋ ᠬᠥᠮᠦᠰ ᠲᠦ᠍ ᠥᠭᠬᠦ ᠠᠷᠪᠠᠨ ᠵᠥᠪᠯᠡᠮᠵᠢ


1. ᠡᠷ᠎ᠡ ᠶ᠋ᠢ ᠨᠠᠰᠤ᠂ ᠠᠭᠤᠯᠠ ᠶ᠋ᠢ ᠴᠠᠰᠤ ᠳᠠᠷᠤᠳᠠᠭ ᠨᠢ ᠡᠷᠭᠢᠬᠦ ᠬᠣᠷᠸ᠎ᠠ ᠶ᠋ᠢᠨ ᠵᠢᠮ᠎ᠡ ᠶᠣᠰᠣᠨ ᠪᠣᠯᠪᠠᠴᠤ ᠨᠠᠰᠤᠨ ᠤ᠋ ᠶᠡᠬᠡ ᠳ᠋ᠦ᠍ ᠲᠥᠬᠥᠷᠳᠡᠯ ᠦᠭᠡᠢ᠂ ᠵᠠᠯᠠᠭᠤ ᠵᠠᠯᠠᠭᠤ ᠶ᠋ᠢᠨ ᠵᠣᠯᠪᠣᠭ᠎ᠠ ᠪᠠᠷ ᠤᠷᠮ᠎ᠠ ᠵᠣᠷᠢᠭ ᠲᠠᠢ ᠠᠯᠬᠤ᠂ ᠬᠥᠮᠦᠨ ᠭᠡᠳᠡᠭ ᠰᠡᠳᠬᠢᠯ ᠢ᠋ᠶ᠋ᠡᠷ ᠢ᠋ᠶ᠋ᠡᠨ ᠪᠠᠢᠳᠠᠭ ᠬᠣᠢᠨ᠎ᠠ《ᠬᠥᠭᠰᠢᠨ ᠬᠣᠨᠢᠨ ᠤ᠋ ᠨᠠᠰᠤ ᠪᠣᠯᠤᠭᠰᠠᠨ ᠨᠠᠳᠠ ᠰᠢᠭ᠋ ᠠᠮᠢᠲᠠᠨ ᠢ᠋ᠶ᠋ᠠᠷ ᠶᠠᠭᠤ ᠬᠢᠬᠦᠪ》 ᠭᠡᠵᠦ ᠥᠪᠡᠷ ᠢ᠋ ᠪᠡᠨ ᠴᠢᠮᠠᠯᠠᠨ᠂ ᠭᠤᠲᠤᠵᠤ ᠭᠤᠨᠢᠬᠤ ᠦᠭᠡᠢ᠂ ᠠᠯᠤᠰ ᠢᠷᠡᠭᠡᠳᠦᠢ ᠪᠡᠨ ᠪᠣᠳᠣᠵᠤ᠂ ᠥᠭᠡᠳᠡᠷᠬᠡᠭ᠂ ᠬᠡᠢ ᠮᠣᠷᠢᠯᠠᠭ ᠶᠠᠪᠤ᠃ ᠲᠡᠭᠡᠭᠰᠡᠨ ᠴᠠᠭ ᠲᠤ᠌ ᠬᠣᠷᠸ᠎ᠠ ᠳ᠋ᠤ᠌ ᠬᠣᠶᠠᠷ ᠢᠷᠡᠬᠦ ᠦᠭᠡᠢ᠂ ᠭᠠᠭᠴᠠ ᠣᠯᠳᠠᠬᠤ ᠨᠠᠰᠤ ᠪᠠᠨ ᠤᠷᠲᠤᠳᠬᠠᠨ᠎ᠠ᠃ ᠰᠡᠳᠬᠢᠯ ᠦ᠋ᠨ ᠲᠡᠩᠬᠡᠭᠡ ᠪᠡᠷ ᠮᠢᠩᠭ᠎ᠠ ᠶ᠋ᠢ ᠳᠠᠪᠠᠨ᠎ᠠ ᠭᠡᠳᠡᠭ ᠢ᠋ ᠪᠣᠳᠣ ᠳᠠ᠃ 
2. ᠪᠡᠯᠭᠡ ᠶ᠋ᠢᠨ ᠠᠮᠢᠳᠤᠷᠠᠯ ᠪᠣᠯ ᠪᠠᠢᠭᠠᠯᠢ ᠠ᠋ᠴᠠ ᠬᠥᠮᠦᠨ ᠳ᠋ᠦ᠍ ᠵᠠᠶᠠᠭᠠᠭᠰᠠᠨ ᠲᠥᠷᠥᠯᠬᠢ ᠶ᠋ᠢᠨ᠂ ᠵᠠᠢᠯᠠᠰᠢ ᠦᠭᠡᠢ ᠬᠡᠷᠡᠭᠴᠡᠭᠡ ᠤᠴᠢᠷ ᠠ᠋ᠴᠠ ᠨᠠᠰᠤ ᠠᠬᠢᠭᠰᠠᠨ ᠴᠦ᠍ ᠭᠡᠰᠡᠨ ᠲᠡᠭᠦᠨ ᠢ᠋ ᠠᠯᠪᠠ ᠪᠠᠷ ᠬᠣᠷᠢᠬᠤ ᠬᠡᠷᠡᠭ ᠦᠭᠡᠢ᠃ ᠭᠡᠪᠡᠴᠦ ᠬᠤᠷᠢᠴᠠᠯ ᠤ᠋ᠨ ᠬᠦᠴᠦ ᠪᠡᠨ ᠪᠠᠷᠠᠭᠳᠠᠲᠠᠯ᠎ᠠ ᠪᠢᠰᠢ᠂ ᠴᠢᠨᠠᠭᠰᠢᠳᠠ ᠦᠢᠯᠡᠳᠬᠦ ᠬᠦᠰᠡᠯ ᠰᠣᠨᠢᠷᠬᠠᠯ ᠦᠯᠡᠳᠡᠵᠦ ᠬᠣᠴᠣᠷᠬᠤᠢᠴᠠ ᠪᠠᠢᠬᠤ ᠪᠠᠷ ᠲᠣᠭᠠᠴᠢᠯᠠᠨ ᠦᠢᠯᠡᠳᠬᠦ ᠨᠢ ᠵᠦᠢᠲᠡᠢ᠃ ᠬᠢᠵᠡᠭᠡᠯ ᠨᠠᠰᠤᠨ ᠤ᠋ ᠬᠤᠷᠢᠴᠠᠯ ᠤ᠋ᠨ ᠲᠣᠭ᠎ᠠ ᠬᠡᠮᠵᠢᠶ᠎ᠡ ᠬᠡᠳᠦ ᠣᠯᠠᠰᠢᠷᠠᠪᠠᠯ ᠥᠲᠡᠯᠬᠦ ᠦᠢᠯᠡ ᠶᠠᠪᠤᠴᠠ ᠲᠦᠷᠭᠡᠰᠦᠨ᠎ᠡ᠃ ᠬᠠᠷᠢᠨ ᠬᠤᠷᠢᠴᠠᠯ ᠤ᠋ᠨ ᠲᠣᠭ᠎ᠠ ᠬᠡᠮᠵᠢᠶ᠎ᠡ ᠬᠡᠳᠦ ᠴᠥᠭᠡᠷᠡᠪᠡᠯ ᠲᠦᠷᠦᠭᠦᠦ ᠪᠤᠯᠴᠢᠷᠬᠠᠢ ᠶ᠋ᠢᠨ ᠱᠦᠭᠦᠷᠡᠯ᠂ ᠪᠡᠶ᠎ᠡ ᠳ᠋ᠦ᠍ ᠶᠡᠬᠡ ᠪᠡᠷ ᠬᠣᠷᠠᠮᠳᠠᠭᠤᠯᠣᠭᠳᠠᠵᠤ᠂ ᠲᠥᠮᠥᠰᠦᠭ ᠦ᠋ᠨ ᠦᠢᠯᠡ ᠠᠵᠢᠯᠯᠠᠭ᠎ᠠ ᠶ᠋ᠢ ᠳᠠᠷᠤᠩᠭᠤᠢᠯᠠᠨ᠎ᠠ᠃ ᠡᠢᠮᠦ ᠳ᠋ᠦ᠍ ᠠᠬᠢᠮᠠᠭ ᠨᠠᠰᠤᠨ ᠤ᠋ ᠬᠤᠷᠢᠴᠠᠯ ᠤ᠋ᠨ ᠲᠣᠭ᠎ᠠ ᠬᠡᠮᠵᠢᠶ᠎ᠡ ᠣᠯᠠᠨ᠂ ᠴᠥᠭᠡᠨ ᠪᠠᠢᠬᠤ ᠳ᠋ᠠᠭᠠᠨ ᠪᠢᠰᠢ᠂ ᠬᠠᠮᠤᠭ ᠤ᠋ᠨ ᠭᠣᠣᠯ ᠨᠢ ᠲᠣᠭᠲᠠᠮᠠᠯ ᠪᠠᠢᠬᠤ ᠨᠢ ᠴᠢᠬᠤᠯᠠ᠃ ᠥᠭᠡᠷ᠎ᠡ ᠪᠡᠷ ᠬᠡᠯᠡᠪᠡᠯ᠂ ᠬᠤᠷᠢᠴᠠᠯ ᠤ᠋ᠨ ᠲᠣᠭ᠎ᠠ ᠶ᠋ᠢ ᠶᠡᠬᠡᠰᠬᠡᠵᠦ᠂ ᠪᠠᠭᠠᠰᠬᠠᠬᠤ ᠦᠭᠡᠢ᠂ ᠪᠡᠯᠭᠡ ᠶ᠋ᠢᠨ ᠠᠮᠢᠳᠤᠷᠠᠯ ᠢ᠋ ᠬᠡᠪ ᠦ᠋ᠨ ᠪᠠᠢᠯᠭ᠎ᠠ᠃ ᠲᠡᠷᠡ ᠬᠡᠪ ᠢ᠋ᠶ᠋ᠡᠷ ᠨᠢ ᠪᠠᠢᠵᠤ ᠭᠡᠮᠡᠨ ᠬᠥᠮᠦᠨ ᠦ᠌ ᠪᠡᠶ᠎ᠡ ᠮᠠᠬᠠᠪᠣᠳ᠂ ᠰᠡᠳᠬᠢᠯ ᠰᠠᠨᠠᠭ᠎ᠠ᠂ ᠬᠥᠳᠡᠯᠮᠦᠷᠢ ᠶ᠋ᠢᠨ ᠴᠢᠳᠠᠪᠤᠷᠢ᠂ ᠡᠪ ᠳᠦᠨᠵᠢᠨ ᠪᠦᠬᠦᠯᠢ ᠳ᠋ᠡᠭᠡᠨ ᠬᠡᠪ ᠦ᠋ᠨ ᠪᠠᠢᠵᠤ ᠴᠢᠳᠠᠬᠤ ᠲᠡᠭᠦᠨ ᠦ᠌ ᠠᠯᠢᠪᠠ ᠭᠠᠵᠢᠭᠤᠳᠠᠯ(ᠢᠯᠡᠭᠦᠳᠡᠯ ᠪᠠ ᠳᠤᠲᠠᠭᠳᠠᠯ) ᠡᠷᠡᠭᠦᠯ ᠮᠡᠨᠳᠦ ᠳ᠋ᠦ᠍ ᠨᠥᠯᠥᠭᠡᠯᠡᠬᠦ ᠦᠭᠡᠢ ᠪᠠᠢᠵᠤ ᠦᠯᠦ ᠴᠢᠳᠠᠨ᠎ᠠ᠃ ᠲᠣᠭᠲᠠᠮᠠᠯ ᠪᠡᠯᠭᠡ ᠶ᠋ᠢᠨ ᠠᠮᠢᠳᠤᠷᠠᠯ ᠪᠣᠯ ᠪᠡᠶ᠎ᠡ ᠮᠠᠬᠠᠪᠣᠳ ᠤ᠋ᠨ ᠡᠪᠡᠳᠴᠢᠨ ᠡᠰᠡᠷᠭᠦᠴᠡᠬᠦ ᠴᠢᠳᠠᠯ ᠢ᠋ ᠰᠠᠢᠵᠢᠷᠠᠭᠤᠯᠬᠤ ᠠ᠋ᠴᠠ ᠭᠠᠳᠠᠨ᠎ᠠ ᠮᠡᠳᠡᠷᠡᠯ ᠴᠣᠴᠠᠷᠠᠭᠳᠠᠯ᠂ ᠠᠭᠤᠷ ᠬᠢᠯᠢᠩ ᠦ᠋ᠨ ᠭᠡᠮ ᠡᠴᠡ ᠠᠪᠤᠷᠠᠵᠤ᠂ ᠬᠥᠩᠭᠡᠨ ᠱᠥᠩᠭᠡᠨ᠂ ᠴᠣᠪᠣᠭᠣ ᠰᠡᠷᠭᠦᠯᠡᠩ ᠪᠠᠢᠬᠤ ᠳ᠋ᠤ᠌ ᠲᠤᠰᠠᠯᠠᠨ᠎ᠠ᠃ 
3. ᠬᠡᠳᠦ ᠲᠠᠷᠭᠤᠯᠠᠬᠤ ᠠ᠋ᠴᠠ ᠪᠣᠯᠭᠣᠮᠵᠢᠯᠠ᠃ ᠶᠠᠭᠠᠬᠢᠭᠠᠳ ᠭᠡᠪᠡᠯ ᠬᠡᠳᠦ ᠲᠠᠷᠭᠤ᠂ ᠢᠯᠡᠭᠦᠦ ᠵᠢᠩ ᠪᠣᠯ ᠬᠥᠮᠦᠨ ᠦ᠌ ᠨᠠᠰᠤ ᠶ᠋ᠢ ᠪᠣᠭᠣᠨᠢᠰᠬᠠᠵᠤ᠂ ᠭᠠᠢ ᠪᠣᠯᠬᠤ ᠠ᠋ᠴᠠ ᠪᠢᠰᠢ ᠠᠰᠢᠭ ᠬᠣᠨᠵᠢᠶ᠎ᠠ ᠪᠣᠯᠬᠤ ᠨᠢ ᠦᠭᠡᠢ᠃ ᠲᠡᠢᠮᠦ ᠡᠴᠡ ᠲᠠᠷᠭᠤᠨ ᠮᠠᠯ ᠲᠠᠯ᠎ᠠ ᠪᠦᠷᠢ ᠶ᠋ᠢᠨ ᠠᠰᠢᠭᠲᠠᠢ ᠪᠣᠯ ᠲᠠᠷᠭᠤᠨ ᠬᠥᠮᠦᠨ ᠲᠠᠯ᠎ᠠ ᠪᠦᠷᠢ ᠶ᠋ᠢᠨ ᠶᠠᠷᠰᠢᠭᠲᠠᠢ ᠭᠡᠵᠦ ᠬᠣᠱᠣᠩᠨᠠᠳᠠᠭ᠃ ᠪᠡᠶ᠎ᠡ ᠶ᠋ᠢᠨ ᠲᠠᠷᠭᠤ᠂ ᠪᠡᠯᠭᠡ ᠶ᠋ᠢᠨ ᠳᠤᠷ᠎ᠠ ᠬᠣᠶᠠᠷ ᠤ᠋ᠨ ᠬᠣᠭᠣᠷᠣᠨᠳᠣ ᠶᠠᠮᠠᠷ ᠨᠢᠭᠡᠨ ᠬᠡᠮᠵᠢᠶᠡᠨ ᠦ᠌ ᠬᠣᠯᠪᠣᠭ᠎ᠠ ᠪᠠᠢᠳᠠᠭ ᠢ᠋ ᠪᠢᠳᠡᠨ ᠦ᠌ ᠰᠤᠳᠤᠯᠭᠠᠨ ᠬᠠᠷᠠᠭᠤᠯᠵᠤ ᠪᠠᠢᠨ᠎ᠠ᠃ ᠡᠷᠡᠭᠲᠡᠢ ᠬᠥᠮᠦᠨ《ᠳᠤᠷ᠎ᠠ ᠦᠭᠡᠢ》 ᠪᠣᠯᠤᠭᠠᠳ ᠢᠷᠡᠬᠦ ᠪᠡᠷ ᠢ᠋ᠶ᠋ᠡᠨ ᠲᠠᠷᠭᠤᠯᠠᠵᠤ᠂ ᠲᠠᠷᠭᠤᠯᠠᠭᠠᠳ ᠢᠷᠡᠬᠦ ᠪᠡᠷ ᠢ᠋ᠶ᠋ᠡᠨ《ᠳᠤᠷ᠎ᠠ ᠦᠭᠡᠢ》 ᠪᠣᠯᠴᠢᠬᠠᠬᠤ ᠨᠢ ᠴᠥᠭᠡᠨ ᠦᠭᠡᠢ ᠪᠠᠢᠳᠠᠭ ᠶᠤᠮ᠃ ᠡᠨᠡ ᠪᠣᠯ ᠲᠠᠷᠭᠤ ᠶᠡᠬᠡᠲᠡᠭᠰᠡᠨ ᠦ᠌ ᠨᠢᠭᠡ《ᠶᠠᠷᠰᠢᠭ》 ᠪᠣᠯᠤᠮᠤᠢ᠃ ᠶᠡᠷᠦᠨᠢ ᠡᠴᠡᠩᠬᠡᠢ ᠲᠤᠷᠠᠩᠬᠠᠢ ᠤᠯᠤᠰ ᠬᠦᠰᠡᠯ ᠲᠠᠴᠢᠶᠠᠯ ᠢ᠋ᠶ᠋ᠠᠷ ᠠᠬᠢᠭᠤ ᠪᠠᠢᠳᠠᠭ ᠢ᠋ ᠠᠮᠢᠳᠤᠷᠠᠯ ᠠ᠋ᠴᠠ ᠪᠢᠰᠢᠭᠦᠢ ᠣᠯᠵᠤ ᠬᠠᠷᠠᠵᠤ ᠪᠣᠯᠤᠨ᠎ᠠ᠂ ᠭᠡᠬᠦ ᠳ᠋ᠡᠭᠡᠨ ᠲᠥᠷᠥᠯᠬᠢ ᠡᠴᠡ ᠲᠠᠷᠭᠤᠨ ᠬᠥᠮᠦᠨ ᠬᠣᠵᠢᠭᠤ ᠲᠠᠷᠭᠤᠯᠠᠭᠰᠠᠨ ᠬᠥᠮᠦᠨ ᠡᠴᠡ ᠪᠡᠯᠭᠡ ᠶ᠋ᠢᠨ ᠳᠤᠷ᠎ᠠ ᠲᠠᠴᠢᠶᠠᠯ ᠨᠡᠯᠢᠶᠡᠳ ᠮᠠᠭᠤᠲᠠᠢ ᠪᠠᠢᠳᠠᠭ᠃ 
4. ᠵᠦᠢ ᠶ᠋ᠢᠨ ᠬᠣᠭᠣᠯᠠᠯᠠ᠃ ᠬᠣᠭᠣᠯᠠ ᠲᠡᠵᠢᠭᠡᠯ ᠨᠢ ᠵᠥᠪᠬᠡᠨ ᠡᠳ᠋᠂ ᠡᠰ ᠨᠥᠬᠥᠨ ᠲᠥᠯᠵᠢᠯᠲᠡ᠂ ᠪᠡᠶ᠎ᠡ ᠮᠠᠬᠠᠪᠣᠳ ᠤ᠋ᠨ ᠠᠵᠢᠯᠯᠠᠭᠠᠨ ᠳ᠋ᠤ᠌ ᠱᠠᠭᠠᠷᠳᠠᠭᠳᠠᠬᠤ ᠢᠯᠴᠢ ᠬᠦᠴᠦ ᠶ᠋ᠢ ᠬᠠᠩᠭᠠᠬᠤ ᠡᠬᠢ ᠰᠤᠷᠪᠤᠯᠵᠢ ᠲᠡᠳᠦᠢ ᠦᠭᠡᠢ ᠪᠡᠶ᠎ᠡ ᠶ᠋ᠢᠨ ᠡᠰᠡᠷᠭᠦᠴᠡᠯ ᠢ᠋ ᠰᠠᠢᠵᠢᠷᠠᠭᠤᠯᠬᠤ᠂ ᠠᠯᠢᠪᠠ ᠡᠪᠡᠳᠴᠢᠨ ᠡᠴᠡ ᠰᠡᠷᠭᠡᠢᠯᠡᠬᠦ ᠬᠡᠷᠡᠭᠯᠡᠭᠦᠷ ᠪᠢᠯᠡ᠃ ᠢᠯᠠᠩᠭᠤᠶ᠎ᠠ ᠨᠠᠰᠤ ᠠᠬᠢᠭᠠᠳ ᠢᠷᠡᠬᠦᠯᠡᠷ ᠲᠠᠭᠠᠷᠠᠭᠰᠠᠨ ᠴᠢᠨᠠᠷ ᠤ᠋ᠨ ᠬᠣᠭᠣᠯᠠ᠂ ᠴᠠᠢ ᠤᠯᠠᠮ ᠦᠭᠡᠢᠯᠡᠭᠳᠡᠵᠦ ᠡᠬᠢᠯᠡᠨ᠎ᠡ᠃ ᠡᠨᠡ ᠨᠢ ᠴᠦ᠍ ᠠᠷᠭ᠎ᠠ ᠦᠭᠡᠢ ᠪᠢᠵᠡ᠃ ᠡᠩᠭᠡᠷ ᠵᠥᠷᠢᠭᠦᠯᠬᠦ ᠦᠶ᠎ᠡ ᠳ᠋ᠦ᠍ ᠬᠥᠮᠦᠨ ᠦ᠌ ᠪᠡᠶ᠎ᠡ ᠮᠠᠬᠠᠪᠣᠳ ᠶᠡᠬᠡ ᠬᠡᠮᠵᠢᠶ᠎ᠡ ᠪᠡᠷ ᠡᠷᠴᠢ ᠬᠦᠴᠦ ᠠᠯᠳᠠᠭᠳᠠᠳᠠᠭ ᠢ᠋ ᠡᠮᠦᠨ᠎ᠡ ᠥᠭᠦᠯᠡᠭᠰᠡᠨ ᠪᠢᠯᠡ᠃ ᠭᠡᠪᠡᠴᠦ ᠵᠠᠯᠠᠭᠤ ᠬᠥᠮᠦᠨ ᠨᠠᠰᠤᠨ ᠤ᠋ ᠠᠭᠠᠭ ᠢ᠋ᠶ᠋ᠠᠷ ᠬᠣᠭᠣᠯᠠ ᠤᠮᠳᠠ ᠭᠣᠯᠣᠬᠤ ᠦᠭᠡᠢ᠂ ᠨᠢᠭᠡ ᠰᠠᠢᠨ ᠨᠣᠢᠷ ᠠᠪᠴᠢᠬᠠᠪᠠᠤ ᠪᠣᠯᠤᠭᠠᠳ ᠶᠠᠪᠤᠴᠢᠬᠠᠨ᠎ᠠ᠃ ᠲᠡᠭᠡᠪᠡᠯ ᠨᠠᠰᠤ ᠠᠬᠢᠭᠰᠠᠨ ᠬᠥᠮᠦᠨ ᠢ᠋ ᠰᠠᠢᠨ ᠬᠣᠭᠣᠯᠠ᠂ ᠴᠠᠢ ᠪᠠᠷ ᠯᠠ ᠲᠤᠢᠯᠠᠨ᠎ᠠ᠃ ᠢᠯᠠᠩᠭᠤᠶ᠎ᠠ ᠡᠩᠭᠡᠷ ᠵᠥᠷᠢᠭᠦᠯᠦᠭᠰᠡᠨ ᠦ᠌(《ᠲᠣᠬᠢᠶᠠᠭᠰᠠᠨ》) ᠮᠠᠷᠭᠠᠰᠢ ᠡᠳᠦᠷ ᠭᠤᠶᠠᠨ ᠤ᠋ ᠮᠢᠬ᠎ᠠ ᠪᠠᠷ ᠱᠥᠯᠥ ᠬᠢᠵᠦ ᠤᠤᠭᠤᠪᠠᠯ ᠪᠡᠶ᠎ᠡ ᠶ᠋ᠢᠨ ᠠᠯᠵᠢᠶᠠᠯ ᠮᠠᠰᠢ ᠰᠠᠢᠨ ᠲᠠᠢᠯᠤᠭᠳᠠᠨ᠎ᠠ᠃ ᠮᠣᠩᠭᠣᠯᠴᠤᠳ ᠨᠢᠯᠬ᠎ᠠ ᠪᠡᠶ᠎ᠡ ᠲᠡᠢ ᠡᠬᠡ ᠶ᠋ᠢ ᠲᠡᠩᠬᠡᠷᠡᠭᠦᠯᠬᠦ ᠶ᠋ᠢᠨ ᠲᠤᠯᠠᠳᠠ ᠪᠤᠶᠤ ᠡᠰᠡᠪᠡᠯ ᠶᠠᠳᠠᠷᠠᠵᠤ ᠲᠠᠮᠢᠷᠳᠠᠭᠰᠠᠨ ᠬᠥᠮᠦᠨ ᠳ᠋ᠦ᠍ ᠵᠠᠪᠠᠯ ᠭᠤᠶᠠᠨ ᠤ᠋ ᠮᠢᠬ᠎ᠠ ᠪᠠᠷ ᠱᠥᠯᠥ ᠥᠭᠳᠡᠭ ᠨᠢ ᠨᠠᠷᠢᠨ ᠤᠴᠢᠷ ᠤᠳᠬ᠎ᠠ ᠲᠠᠢ ᠠᠵᠠᠢ᠃ ᠲᠡᠭᠡᠬᠦ ᠳ᠋ᠡᠭᠡᠨ ᠪᠤᠲᠠ ᠮᠠᠯ ᠪᠢᠰᠢ᠂ ᠪᠤᠭ ᠮᠠᠯ ᠤ᠋ᠨ ᠮᠢᠬ᠎ᠠ ᠪᠠᠷ᠂ ᠬᠣᠨᠢᠨ ᠤ᠋ ᠭᠤᠶ᠎ᠠ ᠪᠠᠷ ᠱᠥᠯᠥ ᠬᠢᠵᠦ ᠤᠤᠭᠤᠯᠭᠠᠳᠠᠭ ᠨᠢ ᠪᠡᠶ᠎ᠡ ᠶ᠋ᠢᠨ ᠠᠯᠵᠢᠶᠠᠯ᠂ ᠶᠠᠳᠠᠷᠠᠭ᠎ᠠ ᠶ᠋ᠢ ᠰᠠᠢᠨ ᠲᠠᠢᠯᠵᠤ ᠲᠡᠩᠬᠡᠭᠡ ᠲᠠᠮᠢᠷ ᠰᠠᠢᠨ ᠠᠪᠬᠠᠭᠤᠯᠳᠠᠭ ᠠᠵᠠᠢ᠃ ᠮᠣᠩᠭᠣᠯ ᠠᠷᠠᠳ ᠤ᠋ᠨ ᠦᠯᠢᠭᠡᠷ᠂ ᠲᠤᠤᠯᠢᠰ ᠲᠤ ᠭᠤᠨᠠᠨ ᠦᠬᠡᠷ᠂ ᠪᠠᠢᠳᠠᠰᠤᠨ ᠭᠡᠭᠦᠦ ᠶ᠋ᠢᠨ ᠮᠢᠬ᠎ᠠ ᠶ᠋ᠢ ᠢᠳᠡᠵᠦ᠂ ᠠᠷᠭᠠᠰ ᠮᠠᠩᠭᠤᠰ ᠲᠠᠢ ᠲᠠᠯ᠎ᠠ ᠶ᠋ᠢ ᠰᠠᠮ ᠪᠣᠯᠲᠠᠯ᠎ᠠ᠂ ᠠᠭᠤᠯᠠ ᠶ᠋ᠢ ᠲᠠᠯ᠎ᠠ ᠪᠣᠯᠲᠠᠯ᠎ᠠ ᠲᠡᠮᠡᠴᠡᠯᠳᠦᠭᠰᠡᠨ ᠪᠠᠭᠠᠲᠤᠷ ᠤ᠋ᠨ ᠲᠤᠬᠠᠢ ᠥᠭᠦᠯᠡᠳᠡᠭ᠃ ᠡᠨᠡ ᠪᠣᠯ ᠪᠠᠭ᠎ᠠ ᠮᠠᠯ ᠤ᠋ᠨ ᠮᠢᠬ᠎ᠠ ᠶᠠᠮᠠᠷ ᠶᠡᠬᠡ ᠬᠦᠴᠦ ᠥᠭᠳᠡᠭ ᠢ᠋ ᠢᠯᠡᠳᠬᠡᠨ ᠬᠠᠷᠭᠤᠭᠤᠯᠤᠨ᠎ᠠ᠃ ᠠᠯᠳᠠᠷ ᠴᠤᠤ ᠲᠠᠢ ᠪᠥᠬᠡᠴᠦᠳ ᠲᠡᠩᠬᠡᠭᠡ ᠲᠠᠮᠢᠷ ᠰᠠᠢᠨ ᠠᠪᠬᠤ ᠶ᠋ᠢᠨ ᠲᠤᠯᠠᠳᠠ ᠭᠤᠷᠪᠠᠨ ᠨᠠᠰᠤᠲᠠᠢ ᠮᠠᠯ ᠤ᠋ᠨ ᠮᠢᠬ᠎ᠠ ᠢᠳᠡᠳᠡᠭ ᠪᠠᠢᠭᠰᠠᠨ ᠨᠢ ᠪᠠᠰᠠ ᠤᠴᠢᠷ ᠲᠠᠢ᠃ ᠭᠤᠷᠪᠠᠨ ᠨᠠᠰᠤᠲᠠᠢ ᠮᠠᠯ ᠭᠡᠳᠡᠭ ᠪᠣᠯ ᠶᠠᠭ ᠪᠡᠯᠭᠡ ᠶ᠋ᠢᠨ ᠪᠣᠢᠵᠢᠯᠲᠠ ᠶ᠋ᠢᠨ ᠦᠶ᠎ᠡ ᠳᠡᠭᠡᠷ᠎ᠡ ᠪᠡᠨ ᠪᠠᠢᠭ᠎ᠠ ᠤᠴᠢᠷ ᠠ᠋ᠴᠠ ᠮᠢᠬ᠎ᠠ ᠨᠢ ᠰᠢᠮ᠎ᠡ ᠲᠡᠵᠢᠭᠡᠯ(ᠱᠦᠯᠲᠦ) ᠢᠯᠡᠭᠦᠦ ᠰᠠᠢᠲᠠᠢ ᠪᠠᠢᠳᠠᠭ ᠪᠣᠯᠤᠯᠲᠠᠢ᠃ ᠭᠡᠪᠡᠴᠦ ᠬᠣᠲᠠ ᠰᠠᠭᠤᠷᠢᠨ ᠭᠠᠵᠠᠷ ᠠᠵᠢᠯᠯᠠᠵᠤ᠂ ᠠᠮᠢᠳᠤᠷᠠᠵᠤ ᠪᠠᠢᠭ᠎ᠠ ᠨᠠᠰᠤᠲᠠᠨ ᠪᠤᠭᠤᠷᠤᠯ ᠤ᠋ᠳ ᠮᠠᠨᠢ ᠲᠡᠷᠡ ᠪᠦᠷᠢ ᠭᠤᠶᠠᠨ ᠤ᠋ ᠮᠢᠬ᠎ᠠ ᠪᠠᠷ ᠱᠥᠯᠥ ᠬᠢᠵᠦ ᠤᠤᠭᠤᠭᠠᠳ ᠪᠠᠢᠵᠤ ᠶᠠᠭᠠᠬᠢᠨ ᠴᠢᠳᠠᠬᠤᠪ᠃ 
5. ᠰᠢᠳᠦ ᠪᠡᠨ ᠪᠡᠬᠢᠵᠢᠭᠦᠯ᠃ ᠰᠢᠲᠦ ᠮᠠᠭᠤ ᠪᠣᠯ ᠬᠠᠴᠠᠷ ᠠᠮᠠ ᠬᠣᠩᠬᠣᠢᠬᠤ ᠠ᠋ᠴᠠ ᠠᠪᠤᠭᠠᠳ ᠬᠣᠳᠣᠭᠣᠳᠣ ᠭᠡᠳᠡᠰᠦ᠂ ᠬᠣᠭᠣᠯᠠ ᠪᠣᠯᠪᠠᠰᠤᠷᠠᠭᠤᠯᠬᠤ ᠦᠢᠯᠡ ᠠᠵᠢᠯᠯᠠᠭ᠎ᠠ ᠮᠠᠭᠤᠳᠠᠵᠤ᠂ ᠴᠠᠭ ᠠ᠋ᠴᠠ ᠡᠷᠲᠡ ᠥᠲᠡᠯᠦᠨ᠎ᠡ᠃ ᠬᠥᠮᠦᠨ ᠬᠣᠭᠣᠯᠠ ᠤᠮᠳᠠ ᠦᠭᠡᠢ ᠠᠮᠢᠳᠤᠷᠠᠵᠤ ᠴᠢᠳᠠᠬᠤ ᠦᠭᠡᠢ ᠨᠢ ᠬᠡᠨ ᠳ᠋ᠦ᠍ ᠴᠦ᠍ ᠣᠢᠯᠠᠭᠠᠮᠵᠢᠲᠠᠢ ᠪᠥᠭᠡᠳ ᠲᠡᠭᠦᠨ ᠢ᠋ ᠪᠣᠯᠪᠠᠰᠤᠷᠠᠭᠤᠯᠳᠠᠭ ᠬᠠᠮᠤᠭ ᠤ᠋ᠨ ᠠᠩᠬᠠᠨ ᠤ᠋ ᠡᠷᠬᠡᠲᠡᠨ ᠨᠢ ᠰᠢᠳᠦ ᠶᠦᠮ᠃ ᠰᠢᠲᠦ ᠰᠠᠢᠲᠠᠢ ᠪᠣᠯ ᠪᠡᠶ᠎ᠡ ᠴᠦ᠍ ᠰᠠᠢᠨ ᠪᠠᠢᠨ᠎ᠠ᠂ ᠪᠡᠶ᠎ᠡ ᠶ᠋ᠢᠨ ᠴᠢᠯᠬ᠎ᠠ ᠴᠦ᠍ ᠰᠠᠢᠨ ᠪᠠᠢᠨ᠎ᠠ᠃ ᠰᠢᠳᠦ ᠶ᠋ᠢ ᠪᠡᠬᠢᠵᠢᠭᠦᠯᠬᠦ ᠬᠢᠭᠡᠳ ᠬᠣᠳᠣᠭᠣᠳᠣ᠂ ᠭᠡᠳᠡᠰᠦ ᠪᠡᠨ ᠭᠠᠮᠨᠠᠬᠤ ᠳ᠋ᠤ᠌ ᠲᠠᠷᠠᠭ᠂ ᠠᠢᠷᠠᠭ᠂ ᠠᠭᠠᠷᠤᠤᠯ᠂ ᠡᠭᠡᠵᠡᠭᠡᠢ ᠪᠢᠰᠢᠯᠠᠭ᠂ ᠬᠣᠭᠤᠷᠮᠠᠭ᠂ ᠶᠡᠷᠦᠨᠢ ᠴᠠᠭᠠᠨ ᠢᠳᠡᠭᠡ ᠮᠠᠰᠢ ᠶᠡᠬᠡ ᠬᠡᠷᠡᠭ ᠲᠡᠢ ᠶ᠋ᠢ ᠮᠠᠷᠲᠠᠵᠤ ᠪᠣᠯᠬᠤ ᠦᠭᠡᠢ᠃ 
6. ᠥᠷᠯᠥᠭᠡ ᠦᠳᠡᠰᠢ ᠪᠠᠢᠩᠭᠤ ᠶᠠᠪᠠᠭᠠᠨ ᠶᠠᠪᠤᠬᠤ ᠡᠷᠡᠭᠦᠯ ᠮᠡᠨᠳᠦ ᠳ᠋ᠦ᠍ ᠬᠠᠮᠤᠭ ᠤ᠋ᠨ ᠠᠰᠢᠭᠲᠠᠢ 《ᠡᠮ》 ᠪᠣᠯᠠᠢ᠃ ᠥᠨᠥ ᠦᠶ᠎ᠡ ᠳ᠋ᠦ᠍ ᠠᠵᠢᠯ᠂ ᠠᠬᠤᠢ ᠶ᠋ᠢᠨ ᠠᠯᠢᠨ ᠳ᠋ᠤ᠌ ᠴᠤ᠌ ᠬᠥᠮᠦᠰ ᠦ᠋ᠨ ᠬᠥᠳᠡᠯᠭᠡᠭᠡᠨ ᠪᠠᠭᠠᠰᠴᠤ᠂ ᠰᠠᠭᠤᠬᠤ ᠨᠢ ᠨᠡᠮᠡᠭᠳᠡᠭᠰᠡᠨ ᠪᠣᠯᠤᠭᠰᠠᠨ ᠤᠴᠢᠷ ᠡᠷᠡᠭᠦᠯ ᠪᠠᠢᠵᠤ ᠤᠷᠲᠤ ᠨᠠᠰᠤᠯᠠᠬᠤ ᠶ᠋ᠢᠨ ᠲᠤᠯᠠᠳᠠ ᠶᠠᠪᠤᠵᠤ ᠪᠠᠢᠬᠤ ᠶ᠋ᠢ ᠡᠷᠬᠢᠮᠯᠡ! ᠥᠷᠯᠥᠭᠡ᠂ ᠦᠳᠡᠰᠢ ᠶ᠋ᠢᠨ ᠵᠠᠪ ᠢᠶᠠᠨ ᠠᠰᠢᠭᠯᠠᠨ ᠶᠠᠪᠠᠭᠠᠨ ᠶᠠᠪᠤᠬᠤ ᠨᠢ ᠥᠷᠯᠥᠭᠡ ᠶ᠋ᠢᠨ ᠭᠢᠮᠨᠡᠰᠲ᠋ᠢᠺ ᠬᠢᠬᠦ᠂ ᠭᠦᠶᠦᠬᠦ᠂ ᠤᠰᠤ ᠠᠭᠠᠷ ᠢ᠋ᠶ᠋ᠠᠷ ᠪᠡᠶ᠎ᠡ ᠪᠡᠨ ᠴᠢᠭᠢᠷᠠᠭᠵᠢᠭᠤᠯᠬᠤ ᠠ᠋ᠴᠠ ᠳᠤᠲᠠᠭᠤ ᠦᠭᠡᠢ ᠨᠥᠯᠥᠭᠡ ᠦᠵᠡᠭᠦᠯᠵᠦ᠂ ᠶᠠᠮᠠᠷ ᠴᠦ᠍ ᠡᠮ ᠲᠠᠷᠢᠶ᠎ᠠ ᠬᠡᠷᠡᠭᠯᠡᠭᠰᠡᠨ ᠡᠴᠡ ᠬᠠᠪᠢ ᠦᠭᠡᠢ ᠳᠡᠭᠡᠷ᠎ᠡ᠂ ᠨᠢᠭᠡ ᠶᠣᠰᠣᠨ ᠤ᠋ ᠦᠨ᠎ᠡ ᠬᠥᠯᠥᠰᠥ ᠦᠭᠡᠢ ᠬᠠᠮᠤᠭ ᠤ᠋ᠨ ᠰᠠᠢᠨ ᠡᠮᠴᠢᠯᠡᠭᠡ ᠪᠣᠯᠤᠨ᠎ᠠ᠃ ᠡᠢᠮᠦ ᠳ᠋ᠦ᠍ ᠪᠣᠯᠵᠤ ᠯᠠ ᠥᠭᠪᠡᠯ ᠶᠠᠪᠠᠭᠠᠨ ᠶᠠᠪᠤᠬᠤ ᠶ᠋ᠢ ᠬᠢᠴᠢᠶᠡ᠃ ᠬᠣᠢᠷᠭᠣ᠂ ᠰᠠᠭᠤᠮᠠᠬᠠᠢ ᠠᠮᠢᠳᠤᠷᠠᠯ ᠠ᠋ᠴᠠ ᠠᠩᠭᠢᠵᠢᠷᠠᠨ ᠰᠠᠯᠵᠤ᠂ ᠣᠷᠬᠣᠨ ᠤ᠋ ᠤᠯᠠᠭᠠᠨ ᠴᠠᠳᠬᠤᠯᠠᠩ ᠳᠣᠷᠣᠨᠠᠲᠤ ᠮᠣᠩᠭᠣᠯ ᠤ᠋ᠨ ᠡᠩ ᠦᠭᠡᠢ ᠠᠭᠤᠳᠠᠮ ᠲᠠᠯ᠎ᠠ᠂ ᠬᠥᠪᠰᠥᠭᠥᠯ ᠨᠠᠭᠤᠷ᠂ ᠠᠯᠲᠠᠢ ᠶ᠋ᠢᠨ ᠰᠦᠷᠯᠢᠭ ᠠᠭᠤᠯᠠᠰ᠂ ᠬᠥᠪᠴᠢ ᠬᠠᠩᠭᠠᠢ ᠵᠡᠷᠭᠡ ᠰᠠᠢᠬᠠᠨ ᠮᠣᠩᠭᠣᠯ ᠣᠷᠣᠨ ᠤ᠋ ᠪᠠᠢᠭᠠᠯᠢ ᠶ᠋ᠢᠨ ᠦᠵᠡᠰᠬᠦᠯᠡᠩ ᠴᠣᠭᠴᠠᠯᠠᠨ ᠪᠦᠷᠢᠳᠦᠭᠰᠡᠨ ᠣᠢ᠂ ᠬᠥᠪᠴᠢ ᠪᠡᠷ ᠳᠤᠷ᠎ᠠ ᠪᠠᠷ ᠰᠡᠯᠡᠭᠦᠴᠡᠨ᠂ ᠴᠡᠩᠭᠡᠭ ᠠᠷᠢᠭᠤᠨ ᠠᠭᠠᠷ ᠢ᠋ᠶ᠋ᠠᠷ ᠨᠢ ᠴᠡᠭᠡᠵᠢ ᠳᠦᠭᠦᠷᠡᠩ ᠠᠮᠢᠰᠬᠤᠯᠠᠵᠤ᠂ ᠠᠯᠤᠰ ᠤ᠋ᠨ ᠪᠠᠷ᠎ᠠ ᠶ᠋ᠢ ᠰᠢᠷᠳᠡᠨ ᠶᠠᠪᠤᠬᠤ ᠶᠠᠭᠤᠲᠠᠢ ᠵᠢᠷᠭᠠᠯᠲᠠᠢ᠂ ᠶᠠᠭᠤᠲᠠᠢ ᠪᠠᠬᠠᠳᠤᠯᠲᠠᠢ᠃ ᠥᠭᠡᠷ᠎ᠡ ᠪᠡᠷ ᠬᠡᠯᠡᠪᠡᠯ᠂ ᠡᠷᠡᠭᠦᠯ ᠪᠠᠢᠬᠤ ᠶ᠋ᠢᠨ ᠡᠬᠢ ᠰᠤᠷᠪᠤᠯᠵᠢ ᠪᠣᠯ ᠬᠥᠳᠡᠯᠭᠡᠭᠡᠨ ᠶᠦᠮ᠃ ᠶᠠᠪᠠᠭᠠᠨ ᠶᠠᠪᠤᠬᠤ ᠳ᠋ᠤ᠌ ᠬᠥᠮᠦᠨ ᠦ᠌ ᠰᠡᠳᠬᠢᠯ ᠰᠠᠨᠠᠭ᠎ᠠ ᠰᠡᠷᠭᠦᠵᠦ᠂ ᠨᠢᠷᠤᠭᠤ ᠴᠢᠬᠡ᠂ ᠪᠡᠶ᠎ᠡ ᠶ᠋ᠢᠨ ᠭᠠᠯᠪᠢᠷ ᠭᠤᠸ᠎ᠠ ᠰᠠᠢᠬᠠᠨ ᠪᠣᠯᠬᠤ ᠠ᠋ᠴᠠ ᠭᠠᠳᠠᠨ᠎ᠠ ᠢᠯᠡᠭᠦᠦ ᠵᠢᠩ ᠢ᠋ ᠬᠠᠰᠤᠵᠤ᠂ ᠡᠷᠡᠭᠦᠯ ᠮᠡᠨᠳᠦ ᠶ᠋ᠢ ᠪᠡᠬᠢᠵᠢᠭᠦᠯᠦᠨ᠎ᠡ᠃ ᠪᠠᠢᠩᠭᠤ ᠶᠠᠪᠠᠭᠠᠨ ᠶᠠᠪᠤᠳᠠᠭ ᠤᠯᠤᠰ ᠪᠡᠶ᠎ᠡ ᠮᠠᠭᠤᠳᠠᠯ᠎ᠠ ᠭᠡᠬᠦ ᠨᠢ ᠬᠣᠪᠣᠷ ᠪᠠᠢᠳᠠᠭ᠃ ᠲᠥᠪ ᠰᠠᠭᠤᠷᠢᠨ ᠤ᠋ ᠪᠠᠨ ᠠᠵᠢᠯ ᠲᠠᠷᠬᠠᠭᠠᠳ ᠣᠯᠠᠨ ᠬᠥᠮᠦᠨ ᠲᠡᠢ ᠠᠦ᠋ᠲ᠋ᠣᠪᠦ᠋ᠰ ᠲᠦ᠍ ᠴᠢᠬᠢᠯᠳᠦᠬᠦ ᠶ᠋ᠢᠨ ᠣᠷᠣᠨ ᠳ᠋ᠤ᠌20—30 ᠮᠢᠨᠦ᠋ᠲ ᠡᠷᠡᠭᠦᠯ ᠠᠭᠠᠷ ᠲᠤ᠌ ᠶᠠᠪᠠᠭᠠᠨ ᠶᠠᠪᠤᠭᠠᠳ ᠬᠠᠷᠢᠪᠠᠯ ᠠᠵᠢᠯ ᠤ᠋ᠨ ᠳᠠᠷᠠᠭᠠᠬᠢ ᠠᠯᠵᠢᠶᠠᠯ ᠶᠠᠳᠠᠷᠠᠭ᠎ᠠ ᠠᠶᠠᠨᠳᠠᠭᠠᠨ ᠠᠷᠢᠯᠤᠨ᠎ᠠ᠃ ᠣᠯᠠᠨ ᠳᠠᠪᠬᠤᠷ ᠪᠠᠢᠰᠢᠩ ᠤ᠋ᠨ ᠳᠡᠭᠡᠳᠦ ᠳᠠᠪᠬᠤᠷ ᠲᠤ᠌ ᠴᠠᠬᠢᠯᠭᠠᠨ ᠱᠠᠲᠤ ᠪᠠᠷ ᠭᠠᠷᠬᠤ ᠶ᠋ᠢ ᠤᠷᠢᠳᠠᠯ ᠪᠣᠯᠭᠠᠬᠤ ᠶ᠋ᠢᠨ ᠣᠷᠣᠨ ᠳ᠋ᠤ᠌ ᠶᠠᠪᠠᠭᠠᠨ ᠶᠠᠪᠤᠵᠤ ᠭᠠᠷᠬᠤ ᠶ᠋ᠢ ᠬᠢᠴᠢᠶᠡ᠃ ᠬᠠᠷᠢᠨ ᠪᠠᠭᠤᠬᠤ ᠳ᠋ᠠᠭᠠᠨ ᠵᠢᠭᠳᠡ ᠭᠦᠨᠵᠡᠭᠡᠢ ᠠᠮᠢᠰᠬᠤᠯᠯᠠᠵᠤ᠂ ᠱᠠᠲᠤᠨ ᠤ᠋ ᠪᠠᠷᠢᠭᠤᠯ ᠠ᠋ᠴᠠ ᠪᠠᠷᠢᠬᠤ ᠦᠭᠡᠢ ᠱᠠᠯᠠᠮᠠᠭ ᠪᠠᠭᠤᠬᠤ ᠨᠢ ᠠᠰᠢᠭᠲᠠᠢ᠃ ᠢᠩᠭᠢᠬᠦᠯᠡᠷ ᠳᠣᠣᠷᠠᠲᠤ ᠮᠥᠴᠡ᠂ ᠬᠥᠯ ᠦ᠋ᠨ ᠰᠤᠳᠠᠰᠤ ᠲᠡᠯᠡᠵᠦ᠂ ᠪᠠᠭ᠎ᠠ ᠠᠭᠠᠷᠴᠠᠭ ᠤ᠋ᠨ ᠶᠠᠰᠤ ᠲᠣᠭᠲᠠᠩᠭᠤᠰᠢᠬᠤ ᠠ᠋ᠴᠠ ᠰᠡᠷᠭᠡᠢᠯᠡᠵᠦ ᠪᠡᠯᠭᠡ ᠶ᠋ᠢᠨ ᠦᠢᠯᠡ ᠠᠵᠢᠯᠯᠠᠭ᠎ᠠ ᠶ᠋ᠢ ᠪᠠᠰᠠ ᠰᠠᠢᠵᠢᠷᠠᠭᠤᠯᠤᠨ᠎ᠠ᠃ ᠶᠡᠷᠦᠨᠢ ᠶᠠᠪᠠᠭᠠᠨ ᠶᠠᠪᠤᠬᠤ ᠨᠢ ᠡᠮᠴᠢᠯᠡᠭᠡᠨ ᠦ᠌ ᠪᠡᠶ᠎ᠡ ᠶ᠋ᠢᠨ ᠲᠠᠮᠢᠷ ᠤ᠋ᠨ ᠨᠢᠭᠡ ᠪᠦᠷᠢᠯᠳᠦᠬᠦᠨ ᠬᠡᠰᠡᠭ ᠪᠣᠯᠳᠠᠭ᠃ 
7. ᠡᠷᠡᠭᠦᠯ ᠮᠡᠨᠳᠦ᠂ ᠪᠡᠶ᠎ᠡ ᠶ᠋ᠢᠨ ᠴᠢᠯᠬ᠎ᠠ ᠪᠠᠨ ᠪᠠᠢᠩᠭᠤ ᠰᠠᠢᠨ ᠪᠠᠢᠯᠭᠠᠬᠤ ᠬᠠᠮᠤᠭ ᠤ᠋ᠨ ᠵᠣᠬᠢᠰᠲᠠᠢ ᠠᠷᠭ᠎ᠠ ᠪᠣᠯ ᠭᠦᠶᠦᠯᠲᠡ ᠶᠦᠮ᠃ ᠭᠦᠶᠦᠯᠲᠡ ᠪᠡᠷ ᠬᠢᠴᠢᠶᠡᠯᠯᠡᠬᠦ ᠨᠢ ᠡᠮᠭᠡᠭ ᠬᠠᠭᠤᠴᠢ ᠡᠳᠡᠭᠡᠷᠡᠵᠦ᠂ ᠡᠷᠡᠭᠦᠯ ᠴᠢᠬᠢᠷᠡᠭ ᠪᠣᠯᠬᠤ ᠠ᠋ᠴᠠ ᠭᠠᠳᠠᠨ᠎ᠠ ᠬᠥᠳᠡᠯᠮᠦᠷᠢ ᠶ᠋ᠢᠨ ᠴᠢᠳᠠᠪᠤᠷᠢ ᠪᠠᠨ ᠤᠳᠠᠲᠠᠯ᠎ᠠ ᠬᠡᠪ ᠢ᠋ᠶ᠋ᠡᠷ ᠬᠠᠳᠠᠭᠠᠯᠠᠵᠤ᠂ ᠥᠲᠡᠯᠦᠯᠲᠡ ᠶ᠋ᠢ ᠤᠳᠠᠭᠠᠰᠢᠷᠠᠭᠤᠯᠤᠨ᠎ᠠ᠂ ᠪᠠᠢᠩᠭᠤ ᠭᠦᠶᠦᠳᠡᠭ ᠬᠥᠮᠦᠰ ᠥᠯᠴᠢᠷ ᠴᠢᠭᠢᠷᠠᠭ᠂ ᠬᠥᠩᠭᠡᠨ ᠱᠥᠩᠭᠡᠨ ᠪᠠᠢᠳᠠᠭ᠃ ᠭᠦᠶᠦᠯᠲᠡ ᠨᠢ ᠮᠡᠳᠡᠷᠡᠯ ᠦ᠋ᠨ ᠰᠢᠰᠲ᠋ᠧᠮ ᠦ᠋ᠨ ᠦᠢᠯᠡ ᠠᠵᠢᠯᠯᠠᠭ᠎ᠠ ᠶ᠋ᠢ ᠰᠡᠷᠭᠦᠭᠡᠵᠦ᠂ ᠪᠣᠳᠠᠰ ᠤ᠋ᠨ ᠰᠣᠯᠢᠯᠴᠠᠭ᠎ᠠ᠂ ᠢᠯᠠᠩᠭᠤᠶ᠎ᠠ ᠥᠭᠡᠬᠦᠨ ᠦ᠌ ᠰᠣᠯᠢᠯᠴᠠᠭ᠎ᠠ᠂ ᠳᠣᠲᠣᠭᠠᠳᠤ ᠱᠦᠭᠦᠷᠡᠯ ᠦ᠋ᠨ ᠪᠤᠯᠴᠢᠷᠬᠠᠢ ᠶ᠋ᠢᠨ ᠦᠢᠯᠡ ᠠᠵᠢᠯᠯᠠᠭ᠎ᠠ ᠶ᠋ᠢ ᠢᠳᠡᠪᠬᠢᠵᠢᠭᠦᠯᠬᠦ ᠡᠴᠡ ᠭᠠᠳᠠᠨ᠎ᠠ ᠪᠡᠯᠭᠡ ᠶ᠋ᠢᠨ ᠴᠢᠯᠬ᠎ᠠ ᠶ᠋ᠢ ᠪᠠᠰᠠ ᠰᠠᠢᠵᠢᠷᠠᠭᠤᠯᠤᠨ᠎ᠠ᠃ ᠭᠦᠶᠦᠯᠲᠡ ᠶ᠋ᠢᠨ ᠠᠴᠢ ᠲᠤᠰᠠ ᠪᠠᠷ ᠬᠥᠮᠦᠨ ᠦ᠌ ᠴᠢᠰᠤᠨ ᠳ᠋ᠤ᠌ ᠥᠭᠡᠬᠦ ᠲᠣᠰᠣᠨ ᠤ᠋ ᠬᠡᠮᠵᠢᠶ᠎ᠡ ᠪᠠᠭᠠᠰᠴᠤ᠂ ᠴᠢᠰᠤᠨ ᠤ᠋ ᠳᠠᠷᠤᠯᠲᠠ ᠶᠡᠬᠡᠰᠬᠦ᠂ ᠰᠤᠳᠠᠰᠤ ᠬᠠᠲᠠᠭᠤᠷᠠᠬᠤ᠂ ᠵᠢᠷᠦᠬᠡᠨ ᠦ᠌ ᠰᠢᠭᠢᠳᠬᠡᠰᠦ᠂ ᠲᠠᠷᠢᠬᠢᠨ ᠳ᠋ᠤ᠌ ᠴᠢᠰᠤ ᠬᠠᠷᠪᠤᠬᠤ ᠵᠡᠷᠭᠡ ᠣᠯᠠᠨ ᠡᠪᠡᠳᠴᠢᠨ ᠡᠮᠭᠡᠭ ᠢ᠋ ᠰᠡᠷᠭᠡᠢᠯᠡᠨ᠎ᠡ᠃ ᠢᠩᠭᠢᠬᠦᠯᠡᠷ᠂ ᠭᠦᠶᠦᠯᠲᠡ ᠪᠣᠯ ᠣᠯᠠᠨ ᠡᠪᠡᠳᠴᠢᠨ ᠡᠮᠭᠡᠭ ᠢ᠋ ᠰᠡᠷᠭᠡᠢᠯᠡᠨ ᠠᠨᠠᠭᠠᠳᠠᠭ ᠡᠮ ᠦ᠋ᠨ ᠪᠤᠰᠤ ᠡᠮᠴᠢᠯᠡᠭᠡᠨ ᠦ᠌ ᠰᠢᠯᠢᠳᠡᠭ ᠠᠷᠭ᠎ᠠ᠂ ᠪᠦᠬᠦ ᠨᠠᠰᠤᠨ ᠤ᠋ ᠬᠥᠮᠦᠰ ᠲᠦ᠍ ᠵᠠᠢᠯᠠᠰᠢ ᠦᠭᠡᠢ ᠬᠡᠷᠡᠭᠲᠡᠢ ᠡᠷᠡᠭᠦᠯᠵᠢᠭᠦᠯᠬᠦ ᠲᠤᠰᠬᠠᠯ ᠶᠤᠮ᠃ ᠲᠡᠭᠡᠬᠦ ᠳ᠋ᠡᠭᠡᠨ ᠬᠣᠯᠠ ᠭᠦᠶᠦᠬᠦ ᠳ᠋ᠡᠭᠡᠨ ᠭᠣᠣᠯ ᠪᠢᠰᠢ᠂ ᠪᠡᠶ᠎ᠡ ᠳ᠋ᠡᠭᠡᠨ ᠲᠣᠬᠢᠷᠠᠭᠰᠠᠨ ᠲᠣᠭᠲᠠᠮᠠᠯ ᠭᠦᠶᠦᠯᠲᠡ ᠯᠡ ᠡᠮᠴᠢᠯᠡᠭᠡ ᠪᠣᠯᠤᠨ᠎ᠠ᠃ ᠬᠢᠷᠢ ᠡᠴᠡ ᠬᠡᠲᠦᠷᠡᠭᠰᠡᠨ ᠭᠦᠶᠦᠯᠲᠡ 《ᠬᠣᠣᠷ》ᠴᠦ᠍ ᠪᠣᠯᠵᠤ ᠮᠠᠭᠠᠳ ᠦᠭᠡᠢ᠃ ᠭᠦᠶᠦᠬᠦ ᠳ᠋ᠦ᠍ ᠭᠣᠣᠯ ᠪᠠᠷᠢᠮᠲᠠᠯᠠᠬᠤ ᠵᠦᠢᠯ ᠪᠣᠯ ᠰᠤᠳᠠᠰᠤᠨ ᠤ᠋ ᠯᠤᠭᠰᠢᠯᠲᠠ ᠶᠤᠮ᠃40—49 ᠨᠠᠰᠤᠨ ᠤ᠋ ᠬᠥᠮᠦᠨ ᠭᠦᠶᠦᠬᠦ ᠳ᠋ᠦ᠍ ᠰᠤᠳᠠᠰᠤᠨ ᠤ᠋ ᠯᠤᠭᠰᠢᠯᠲᠠ ᠨᠢᠭᠡ ᠮᠢᠨᠦ᠋ᠲ ᠲᠦ᠍140 ᠠ᠋ᠴᠠ ᠳᠡᠭᠡᠭᠰᠢ ᠪᠠᠢᠬᠤ ᠬᠡᠷᠡᠭ ᠦᠭᠡᠢ᠃ ᠳᠤᠮᠳᠠᠴᠢ ᠬᠡᠮᠵᠢᠶ᠎ᠡ120 ᠪᠠᠢᠬᠤ ᠵᠢᠱ᠌ᠢᠶ᠎ᠡ ᠲᠡᠢ᠃ ᠬᠥᠩᠭᠡᠨ ᠡᠴᠡ ᠬᠦᠨᠳᠦ ᠤᠷᠤᠭᠤ᠂ ᠤᠳᠠᠭᠠᠨ ᠠ᠋ᠴᠠ ᠲᠦᠷᠭᠡᠨ ᠭᠦᠶᠦᠬᠦ ᠵᠠᠷᠴᠢᠮ ᠢ᠋ ᠪᠠᠷᠢᠮᠲᠠᠯᠠᠬᠤ ᠬᠡᠷᠡᠭᠲᠡᠢ᠃ ᠨᠠᠰᠤ᠂ ᠪᠡᠶ᠎ᠡ ᠶ᠋ᠢᠨ ᠪᠠᠢᠳᠠᠯ ᠠ᠋ᠴᠠ ᠪᠣᠯᠵᠤ ᠭᠦᠶᠦᠯᠲᠡ ᠪᠡᠨ ᠲᠣᠬᠢᠷᠠᠭᠤᠯᠤᠨ᠎ᠠ᠃ ᠡᠭᠦᠨ ᠦ᠌ ᠲᠤᠯᠠᠳᠠ ᠡᠮᠴᠢ ᠡᠴᠡ ᠵᠠᠪᠠᠯ ᠵᠥᠪᠯᠡᠯᠭᠡ ᠠᠪᠤᠭᠠᠷᠠᠢ᠃ 
8. ᠮᠣᠷᠢ ᠤᠨᠤᠬᠤ ᠪᠣᠯᠤᠨ ᠳᠤᠭᠤᠢ ᠪᠠᠷ ᠶᠠᠪᠤᠬᠤ ᠠᠰᠢᠭᠲᠠᠢ᠃ ᠶᠠᠭᠠᠬᠢᠭᠠᠳ ᠭᠡᠪᠡᠯ ᠮᠣᠷᠢ ᠤᠨᠤᠬᠤ ᠪᠠ ᠳᠤᠭᠤᠢ ᠪᠠᠷ ᠶᠠᠪᠤᠬᠤ ᠳ᠋ᠤ᠌ ᠬᠥᠯ ᠦ᠋ᠨ᠂ ᠲᠡᠭᠦᠨᠴᠢᠯᠡᠨ ᠪᠡᠯᠭᠡ ᠡᠷᠬᠡᠲᠡᠨ ᠦ᠌ ᠴᠢᠰᠤᠨ ᠬᠠᠩᠭᠠᠮᠵᠢ ᠰᠠᠢᠵᠢᠷᠠᠵᠤ᠂ ᠲᠦᠷᠦᠭᠦᠦ ᠪᠤᠯᠴᠢᠷᠬᠠᠢ ᠲᠣᠮᠣᠷᠠᠬᠤ᠂ ᠴᠠᠭᠠᠨ ᠮᠢᠬ᠎ᠠ ᠭᠠᠷᠬᠤ ᠵᠡᠷᠭᠡ ᠡᠪᠡᠳᠴᠢᠨ ᠡᠴᠡ ᠰᠡᠷᠭᠡᠢᠯᠡᠨ᠎ᠡ᠃ 
9. ᠥᠷᠯᠥᠭᠡ ᠳ᠋ᠦ᠍ ᠪᠡᠶ᠎ᠡ ᠪᠡᠨ ᠬᠦᠢᠲᠡᠨ ᠴᠢᠭᠢᠭ ᠲᠡᠢ ᠠᠯᠴᠢᠭᠤᠷ ᠢ᠋ᠶ᠋ᠠᠷ ᠠᠷᠴᠢᠵᠤ᠂ ᠪᠣᠯᠤᠯᠴᠠᠭ᠎ᠠ ᠲᠠᠢ ᠪᠣᠯ ᠰᠠᠷ᠎ᠠ ᠳ᠋ᠤ᠌ ᠨᠢᠭᠡ ᠡᠴᠡ ᠳᠣᠷᠣᠭᠰᠢ ᠦᠭᠡᠢ ᠤᠳᠠᠭ᠎ᠠ ᠠᠭᠤᠷ ᠲᠤ᠌ ᠰᠠᠭᠤᠵᠤ ᠪᠠᠢ᠃ ᠬᠠᠯᠠᠭᠤᠨ ᠤᠰᠤᠨ ᠳ᠋ᠤ᠌ ᠣᠷᠣᠬᠤ ᠪᠤᠶᠤ ᠠᠭᠤᠷ ᠲᠤ᠌ ᠰᠠᠭᠤᠭᠰᠠᠨ ᠤ᠋ ᠳᠠᠷᠠᠭ᠎ᠠ ᠪᠡᠶ᠎ᠡ ᠬᠥᠩᠭᠡᠷᠡᠵᠦ᠂ ᠰᠡᠳᠬᠢᠯ ᠡᠴᠡ ᠰᠡᠷᠭᠦᠳᠡᠭ ᠢ᠋ ᠪᠢᠳᠡ ᠰᠠᠢᠨ ᠮᠡᠳᠡᠨ᠎ᠡ᠃ ᠡᠨᠡ ᠨᠢ ᠤᠰᠤᠨ ᠤ᠋ ᠠᠭᠤᠷ᠂ ᠠᠷᠠᠰᠤᠨ ᠤ᠋ ᠨᠦᠬᠡ ᠰᠦᠪᠡ ᠶ᠋ᠢ ᠴᠡᠪᠡᠷᠯᠡᠨ ᠣᠩᠭᠣᠢᠯᠭᠠᠵᠤ᠂ ᠴᠠᠰᠤᠨ ᠤ᠋ ᠡᠷᠭᠢᠯᠲᠡ ᠰᠠᠢᠵᠢᠷᠠᠳᠠᠭ ᠠ᠋ᠴᠠ ᠬᠣᠯᠪᠣᠭᠠᠲᠠᠢ᠃ ᠲᠠᠮᠢᠷᠴᠢᠨ ᠬᠥᠮᠦᠨ ᠪᠤᠯᠴᠢᠩ ᠢ᠋ᠶ᠋ᠠᠨ ᠪᠠᠢᠩᠭᠤ ᠳᠠᠰᠬᠠᠯᠵᠢᠭᠤᠯᠳᠠᠭ ᠰᠢᠭ᠋ ᠠᠷᠠᠰᠤ ᠪᠠᠨ ᠲᠣᠷᠳᠠᠵᠤ ᠳᠠᠰᠬᠠᠯᠵᠢᠭᠤᠯᠬᠤ ᠬᠡᠷᠡᠭᠲᠡᠢ᠃ ᠬᠠᠯᠠᠭᠤᠨ ᠤᠰᠤᠨ ᠳ᠋ᠤ᠌ ᠣᠷᠣᠵᠤ᠂ ᠠᠭᠤᠷ ᠲᠤ᠌ ᠰᠠᠭᠤᠬᠤ ᠨᠢ ᠠᠷᠠᠰᠤ ᠶ᠋ᠢ ᠳᠡᠭᠡᠳᠦ ᠵᠡᠷᠭᠡ ᠪᠡᠷ ᠳᠠᠰᠬᠠᠯᠵᠢᠭᠤᠯᠵᠤ᠂ ᠡᠷᠲᠡ ᠦᠷᠴᠢᠯᠡᠭᠡ ᠲᠣᠭᠲᠠᠬᠤ ᠠ᠋ᠴᠠ ᠬᠠᠮᠠᠭᠠᠯᠠᠨ᠎ᠠ᠃ ᠲᠡᠭᠦᠨᠴᠢᠯᠡᠨ ᠬᠠᠯᠠᠭᠤᠨ ᠤᠰᠤ᠂ ᠠᠭᠤᠷ ᠤ᠋ᠨ ᠢᠯᠴᠢ ᠠᠷᠠᠰᠤᠨ ᠳ᠋ᠤ᠌ ᠬᠴᠲ ᠨᠥᠯᠥᠭᠡᠯᠡᠵᠦ᠂ ᠶᠡᠬᠡ ᠬᠥᠯᠥᠷᠡᠨ᠎ᠡ᠃ ᠬᠥᠯᠥᠰᠥ ᠪᠡᠷ ᠳᠠᠮᠵᠢᠨ ᠵᠥᠪᠬᠡᠨ ᠢᠯᠡᠭᠦᠳᠡᠯ ᠲᠤᠯᠭᠠᠨ ᠲᠡᠳᠦᠢ ᠦᠭᠡᠢ ᠪᠣᠳᠠᠰ ᠤ᠋ᠨ ᠰᠣᠯᠢᠯᠴᠠᠭᠠᠨ ᠤ᠋ ᠡᠴᠦᠰ ᠦ᠋ᠨ ᠢᠯᠡᠭᠦᠳᠡᠯ《 ᠬᠡᠷᠡᠭ ᠦᠭᠡᠢ》 ᠪᠦᠲᠦᠭᠡᠭᠳᠡᠬᠦᠨ ᠭᠠᠳᠠᠭᠰᠢᠯᠠᠬᠤ ᠠ᠋ᠴᠠ ᠭᠠᠳᠠᠨ᠎ᠠ ᠲᠠᠷᠭᠤᠯᠠᠬᠤ ᠦᠭᠡᠢ ᠪᠠᠢᠬᠤ ᠳ᠋ᠤ᠌ ᠨᠥᠯᠥᠭᠡ ᠲᠡᠢ᠃ 
10.《ᠡᠷᠡᠭᠦᠯ ᠢ᠋ ᠬᠦᠰᠡᠪᠡᠯ ᠡᠮᠨᠡᠯᠭᠡ ᠶ᠋ᠢ ᠬᠦᠰᠡ》 ᠭᠡᠳᠡᠭ ᠤᠬᠠᠭᠠᠨᠲᠤ ᠬᠥᠮᠦᠨ ᠦ᠌ ᠰᠤᠷᠭᠠᠯ ᠢ᠋ ᠪᠤᠤ ᠮᠠᠷᠲᠠᠭᠠᠷᠠᠢ᠃ ᠥᠭᠡᠷ᠎ᠡ ᠪᠡᠷ ᠬᠡᠯᠡᠪᠡᠯ᠂ ᠰᠤᠮᠤ᠂ ᠠᠢᠮᠠᠭ᠂ ᠬᠡᠰᠡᠭ ᠦ᠋ᠨ ᠢ᠋ᠶ᠋ᠡᠨ ᠡᠮᠴᠢ ᠲᠡᠢ ᠠᠭᠤᠯᠵᠠᠵᠤ᠂ ᠵᠥᠪᠯᠡᠯᠭᠡ ᠪᠠᠢᠩᠭᠤ ᠠᠪᠴᠤ᠂ ᠬᠠᠮᠠᠷ ᠬᠣᠭᠣᠯᠠᠢ᠂ ᠰᠢᠯᠤᠭᠤᠨ ᠭᠡᠳᠡᠰᠦ᠂ ᠲᠦᠷᠦᠭᠦᠦ ᠪᠤᠯᠴᠢᠷᠬᠠᠢ ᠶ᠋ᠢᠨ ᠪᠠᠢᠳᠠᠯ ᠢ᠋ ᠰᠢᠯᠭᠠᠭᠤᠯᠵᠤ᠂ ᠵᠢᠷᠦᠬᠡᠨ ᠪᠢᠴᠢᠯᠭᠡ ᠬᠢᠯᠭᠡᠵᠦ᠂ ᠴᠢᠰᠤᠨ ᠳ᠋ᠤ᠌ ᠪᠠᠢᠭ᠎ᠠ ᠰᠢᠬᠢᠷ ᠦ᠋ᠨ ᠬᠡᠮᠵᠢᠶ᠎ᠡ ᠶ᠋ᠢ ᠲᠣᠳᠣᠷᠬᠠᠢᠯᠠᠵᠤ᠂ ᠡᠮᠨᠡᠯᠭᠡ ᠶ᠋ᠢᠨ ᠬᠡᠯᠡ ᠪᠡᠷ ᠪᠣᠯ ᠳ᠋ᠢᠰᠫᠠᠨᠢᠰᠧᠷ ᠦ᠋ᠨ ᠦᠵᠡᠯᠭᠡ ᠳ᠋ᠦ᠍ ᠣᠷᠣᠬᠤ ᠶ᠋ᠢᠨ ᠴᠢᠬᠤᠯᠠ ᠶ᠋ᠢ ᠠᠬᠢᠮᠠᠭ ᠨᠠᠰᠤᠨ ᠳ᠋ᠤ᠌ ᠤᠯᠠᠮ ᠰᠠᠨᠠᠭᠤᠰᠢᠲᠠᠢ᠃ 
       ᠭᠡᠪᠡᠴᠦ ᠡᠳᠡᠭᠡᠷ10 ᠵᠥᠪᠯᠡᠮᠵᠢ ᠪᠡᠷ ᠡᠷᠡᠭᠦᠯ ᠡᠩᠬᠡ ᠪᠣᠯᠴᠢᠬᠠᠬᠤ ᠦᠭᠡᠢ᠃ ᠭᠡᠰᠡᠨ ᠬᠡᠳᠦᠢ ᠶᠠᠳᠠᠵᠤ ᠳᠡᠭᠡᠷᠡᠬᠢ10 ᠵᠥᠪᠯᠡᠮᠵᠢ ᠶ᠋ᠢ ᠠᠮᠢᠳᠤᠷᠠᠯ ᠳ᠋ᠠᠭᠠᠨ ᠴᠢᠩᠳᠠ ᠮᠥᠷᠳᠡᠵᠦ᠂ ᠬᠡᠪᠰᠢᠪᠡᠯ ᠲᠠᠨ ᠤ᠋ ᠪᠡᠶ᠎ᠡ ᠶ᠋ᠢᠨ ᠭᠠᠯᠪᠢᠷ ᠰᠠᠢᠬᠠᠨ᠂ ᠥᠨᠳᠥᠷ ᠨᠠᠰᠤ ᠨᠠᠰᠤᠯᠠᠪᠠᠴᠤ ᠢᠳᠡ ᠵᠠᠯᠠᠭᠤ ᠶ᠋ᠢᠨ ᠰᠢᠭ᠋ ᠭᠢᠯᠠᠯᠵᠠᠵᠤ᠂ ᠤᠬᠠᠭᠠᠨ ᠰᠠᠨᠠᠭ᠎ᠠ ᠰᠠᠷᠠᠭᠤᠯ ᠪᠠᠢᠬᠤ ᠪᠣᠯᠤᠨ᠎ᠠ᠃ ᠬᠥᠮᠦᠨ ᠶᠠᠭᠠᠬᠢᠵᠤ ᠠᠮᠢᠳᠤᠷᠠᠬᠤ ᠶ᠋ᠢᠨ ᠬᠡᠮᠵᠢᠭᠦᠷ ᠨᠢ ᠠᠵᠢᠯ ᠬᠥᠳᠡᠯᠮᠦᠷᠢ ᠪᠠᠢᠳᠠᠭ ᠪᠣᠯ ᠶᠠᠭᠠᠬᠢᠵᠤ ᠠᠮᠢᠳᠤᠷᠠᠭᠰᠠᠨ ᠤ᠋ ᠬᠢᠨᠢ ᠬᠡᠮᠵᠢᠭᠦᠷ ᠨᠠᠰᠤ ᠰᠡᠭᠦᠳᠡᠷ ᠪᠠᠢᠳᠠᠭ ᠶᠤᠮ ᠰᠢᠦ ᠭᠡᠵᠦ ᠬᠥᠭᠰᠢᠴᠦᠦᠯ ᠬᠥᠭᠡᠷᠳᠡᠭ᠃ ᠡᠢᠮᠦ ᠡᠴᠡ ᠤᠷᠲᠤ ᠨᠠᠰᠤᠯᠠᠨ᠎ᠠ ᠭᠡᠳᠡᠭ ᠰᠠᠢᠨ ᠰᠠᠢᠬᠠᠨ ᠠᠮᠢᠳᠤᠷᠠᠭᠰᠠᠨ ᠤ᠋ ᠬᠢ᠂ ᠬᠠᠯᠠᠮᠵᠢᠲᠠᠢ ᠬᠠᠨᠢ ᠢᠵᠢᠯᠢ᠂ ᠬᠠᠮᠲᠤ ᠣᠯᠠᠨ᠂ ᠦᠷ᠎ᠡ ᠠᠴᠢ ᠶ᠋ᠢᠨ ᠪᠤᠶᠠᠨ ᠵᠠᠶᠠᠭ᠎ᠠ ᠪᠣᠯᠠᠢ᠃