ᠨᠠᠮᠤᠷ ‍ ᠦᠨ ᠥᠩᠭᠡ-ᠡᠩᠬᠡᠮᠡᠨᠳᠦNamryn öngö-EnkhmaandНамрын өнгө-Энхмаанд ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠮᠤᠷ ‍ ᠦᠨ ᠥᠩᠭᠡ-ᠡᠩᠬᠡᠮᠡᠨᠳᠦNamryn öngö-EnkhmaandНамрын өнгө-Энхмаанд

ᠨᠠᠮᠤᠷ ‍ ᠦᠨ ᠥᠩᠭᠡ-ᠡᠩᠬᠡᠮᠡᠨᠳᠦNamryn öngö-EnkhmaandНамрын өнгө-Энхмаанд

ᠠᠩᠭᠢᠯᠠᠯ:ᠳᠠᠭᠤᠤ ᠬᠥᠭᠵᠢᠮ
2025-10-16

29

ᠨᠠᠮᠤᠷ ‍ ᠦᠨ ᠥᠩᠭᠡ

  ᠦᠭᠡ᠄ ᠣ᠂ ᠴᠡᠷᠡᠨᠳᠠᠨᠳᠠᠪ 
  ᠠᠶ᠎ᠠ᠄ ᠮᠥᠷᠳᠣᠷᠵᠢ 
  ᠳᠠᠭᠤᠴᠢᠨ᠄ ᠡᠩᠬᠡᠮᠡᠨᠳᠦ 

ᠭᠠᠯᠠᠭᠤᠨ ᠴᠤᠪᠤᠭ᠎ᠠ ᠬᠦᠪᠦᠷᠡᠭᠰᠡᠨ 
ᠭᠣᠣᠯ ᠤ᠋ᠨ ᠤᠰᠤ ᠨᠢ ᠮᠡᠯᠲᠡᠭᠡᠨᠡᠭᠰᠡᠨ 
ᠭᠠᠩᠭᠠᠩ ᠪᠠᠢᠭᠠᠯᠢ ᠬᠣᠣᠰᠯᠠᠭᠰᠠᠨ 
ᠭᠣᠶᠣᠬᠠᠨ ᠨᠠᠮᠤᠷ ᠤ᠋ᠨ ᠥᠩᠭᠡ ᠶᠤᠮ ᠠ᠋ 

ᠤᠷᠭᠤᠬᠤ ᠨᠠᠷᠠ ᠨᠢ ᠲᠥᠭᠡᠨᠡᠭᠰᠡᠨ 
ᠤᠰᠤᠨ ᠤ᠋ ᠰᠢᠪᠠᠭᠤ ᠭᠠᠩᠭᠠᠨᠠᠭᠰᠠᠨ 
ᠤᠶᠠᠩᠭ᠎ᠠ ᠰᠡᠳᠬᠢᠯ ᠳ᠋ᠦ᠍ ᠡᠭᠡᠰᠢᠭᠯᠡᠭᠰᠡᠨ 
ᠠᠭᠤᠳᠠᠮ ᠨᠤᠲᠤᠭ ᠤ᠋ᠨ ᠮᠢᠨᠢ ᠨᠠᠮᠤᠷ ᠶᠤᠮ ᠠ᠋

ᠠᠮᠤ ᠲᠠᠷᠢᠶ᠎ᠠ ᠨᠠᠢᠭᠤᠭᠰᠠᠨ
ᠠᠷᠪᠢᠨ ᠰᠦᠷᠦᠭ ᠨᠠᠯᠠᠢᠭᠰᠠᠨ
ᠠᠢᠷᠠᠭ ᠤ᠋ᠨ ᠠᠮᠲᠠ ᠨᠢ ᠴᠡᠮᠴᠡᠭᠡᠨᠡᠭᠰᠡᠨ
ᠠᠯᠲᠠᠨ ᠨᠠᠮᠤᠷ ᠤ᠋ᠨ ᠰᠢᠮ᠎ᠡ ᠶᠤᠮ ᠠ᠋
ᠠᠯᠲᠠᠨ ᠨᠤᠲᠤᠭ ᠤ᠋ᠨ ᠮᠢᠨᠢ ᠨᠠᠮᠤᠷ ᠶᠤᠮ ᠠ᠋

  ᠦᠰᠦᠭ ᠠᠮᠢᠯᠠᠭᠤᠯᠵᠤ ᠬᠠᠲᠠᠭᠰᠠᠨ ᠨᠢ᠄ ᠮᠢᠳᠤᠭᠮ᠎ᠡ
  ᠬᠢᠨᠠᠭᠴᠢ᠄ ᠲᠥᠮᠡᠨᠴᠡᠴᠡᠭ