ᠬᠡᠰᠢᠭᠲᠡᠨ ᠨᠤᠲᠤᠭ ᠮᠢᠨᠢ-ᠳᠠᠪᠰᠢᠯᠲᠤKhishigten nutag mini-DavshildХишигтэн нутаг минь-Давшилд
ᠬᠡᠰᠢᠭᠲᠡᠨ ᠨᠤᠲᠤᠭ ᠮᠢᠨᠢ
ᠦᠭᠡ᠄ ᠦ᠊᠂ ᠫᠦᠷᠪᠦᠰᠦ᠋ᠷᠦᠩ
ᠠᠶ᠎ᠠ᠄ ᠪ᠂ ᠫᠦᠷᠪᠦᠰᠦ᠋ᠷᠦᠩ
ᠳᠠᠭᠤᠴᠢᠨ᠄ ᠳᠠᠪᠰᠢᠯᠲᠤ
ᠠᠭᠰᠤᠮ ᠬᠦᠯᠦᠭ ᠦ᠋ᠨ ᠴᠠᠩ ᠲᠠᠢ ᠬᠥᠯᠥᠰᠥ ᠨᠢ ᠦᠨᠦᠷᠲᠦᠨ᠎ᠡ ᠳᠡ
ᠠᠯᠤᠰᠷᠠᠩᠬᠠᠨ ᠠᠯᠤᠰᠷᠠᠩᠬᠠᠨ ᠨᠤᠲᠤᠭ ᠢ᠋ᠶ᠋ᠠᠨ ᠵᠣᠷᠢᠶ᠎ᠠ ᠳᠠ
ᠠᠰᠬᠠᠲᠤ ᠬᠠᠳᠠ ᠲᠠᠢ ᠰᠢᠷᠠᠩᠭᠠ ᠶ᠋ᠢᠨ ᠲᠠᠯ᠎ᠠ ᠤᠷᠤᠭᠤ ᠪᠠᠨ
ᠠᠶᠠᠯᠤᠰᠬᠢᠭᠠᠳ ᠳᠠᠭᠤᠯᠠᠩᠬᠠᠨ ᠬᠦᠦ ᠨᠢ ᠣᠴᠢᠶ᠎ᠠ ᠳᠠ
ᠲᠠᠯ᠎ᠠ ᠶ᠋ᠢᠨ ᠲᠠᠪᠤᠨ ᠬᠠᠢᠷᠬᠠᠨ ᠢ᠋ᠶ᠋ᠠᠨ ᠬᠡᠴᠢᠨᠡᠨ ᠶᠡᠬᠡ ᠰᠠᠨᠠᠭ᠎ᠠ ᠪᠣᠢ
ᠲᠠᠪᠠ ᠪᠠᠷ ᠢ᠋ᠶ᠋ᠠᠨ ᠠᠮᠤᠭᠤᠯᠠᠩ ᠬᠡᠰᠢᠭᠲᠡᠨ ᠡᠬᠡ ᠨᠤᠲᠤᠭ ᠮᠢᠨᠢ
ᠤᠶᠠᠭᠰᠠᠨ ᠬᠦᠯᠦᠭ ᠦ᠋ᠨ ᠳᠤᠭᠲᠤᠷᠬᠤ ᠠᠭᠠᠭ ᠲᠠᠢ
ᠤᠷᠲᠤ ᠶ᠋ᠢᠨ ᠳᠠᠭᠤᠤ ᠲᠠᠢ ᠨᠤᠲᠤᠭ ᠢ᠋ᠶ᠋ᠠᠨ ᠵᠣᠷᠢᠶ᠎ᠠ ᠳᠠ
ᠠᠭᠤᠵᠢᠮᠬᠠᠨ ᠠᠭᠠᠷ ᠲᠠᠢ ᠤᠶᠠᠬᠠᠨ ᠡᠵᠢ ᠤᠷᠤᠭᠤ ᠪᠠᠨ
ᠤᠶᠠᠷᠠᠰᠬᠢᠭᠠᠳ ᠶᠠᠭᠠᠷᠠᠩᠬᠠᠨ ᠬᠦᠦ ᠨᠢ ᠣᠴᠢᠶ᠎ᠠ ᠳᠠ
ᠲᠠᠯ᠎ᠠ ᠶ᠋ᠢᠨ ᠲᠠᠪᠤᠨ ᠬᠠᠢᠷᠬᠠᠨ ᠢ᠋ᠶ᠋ᠠᠨ ᠬᠡᠴᠢᠨᠡᠨ ᠶᠡᠬᠡ ᠰᠠᠨᠠᠭ᠎ᠠ ᠪᠣᠢ
ᠲᠠᠩᠨᠠᠢ ᠲᠠᠰᠢᠮᠠ ᠰᠡᠷᠢᠭᠦᠨ ᠪᠤᠯᠠᠭ ᠤ᠋ᠨ ᠷᠠᠰᠢᠶᠠᠨ ᠲᠠᠢ
ᠲᠠᠪᠤᠨ ᠡᠷᠳᠡᠨᠢ ᠶ᠋ᠢᠨ ᠰᠦᠷᠦᠭ ᠲᠡᠢ ᠨᠤᠲᠤᠭ ᠢ᠋ᠶ᠋ᠠᠨ ᠵᠣᠷᠢᠶ᠎ᠠ ᠳᠠ
ᠳᠠᠭᠠᠨ᠎ᠠ ᠠᠭᠢ ᠶ᠋ᠢᠨ ᠦᠨᠦᠷ ᠲᠡᠢ ᠪᠠᠭ᠎ᠠ ᠶ᠋ᠢᠨ ᠳᠤᠷᠠᠰᠤᠮᠵᠢ ᠲᠠᠢ
ᠲᠠᠩᠰᠤᠭ ᠰᠠᠢᠬᠠᠨ ᠨᠤᠲᠤᠭ ᠳᠤ ᠪᠠᠨ ᠬᠦᠦ ᠨᠢ ᠣᠴᠢᠶ᠎ᠠ ᠳᠠ
ᠲᠠᠯ᠎ᠠ ᠶ᠋ᠢᠨ ᠲᠠᠪᠤᠨ ᠬᠠᠢᠷᠬᠠᠨ ᠢ᠋ᠶ᠋ᠠᠨ ᠬᠡᠴᠢᠨᠡᠨ ᠶᠡᠬᠡ ᠰᠠᠨᠠᠭ᠎ᠠ ᠪᠣᠢ
ᠲᠠᠪᠠ ᠪᠠᠷ ᠢ᠋ᠶ᠋ᠠᠨ ᠠᠮᠤᠭᠤᠯᠠᠩ ᠬᠡᠰᠢᠭᠲᠡᠨ ᠡᠬᠡ ᠨᠤᠲᠤᠭ ᠮᠢᠨᠢ
ᠲᠠᠯ᠎ᠠ ᠶ᠋ᠢᠨ ᠲᠠᠪᠤᠨ ᠬᠠᠢᠷᠬᠠᠨ ᠢ᠋ᠶ᠋ᠠᠨ ᠬᠡᠴᠢᠨᠡᠨ ᠶᠡᠬᠡ ᠰᠠᠨᠠᠭ᠎ᠠ ᠪᠣᠢ
ᠲᠠᠪᠠ ᠪᠠᠷ ᠢ᠋ᠶ᠋ᠠᠨ ᠠᠮᠤᠭᠤᠯᠠᠩ ᠬᠡᠰᠢᠭᠲᠡᠨ ᠡᠬᠡ ᠨᠤᠲᠤᠭ ᠮᠢᠨᠢ
ᠬᠡᠰᠢᠭᠲᠡᠨ ᠡᠬᠡ ᠨᠤᠲᠤᠭ ᠮᠢᠨᠢ
ᠦᠰᠦᠭ ᠠᠮᠢᠯᠠᠭᠤᠯᠵᠤ᠂ ᠬᠠᠳᠠᠭᠰᠠᠨ ᠨᠢ᠄ ᠮᠥᠩᠭᠥᠨ
ᠬᠢᠨᠠᠭᠴᠢ᠄ ᠲᠦᠮᠡᠨᠴᠡᠴᠡᠭ᠂ ᠪᠢᠮᠪᠠ