ᠣᠤ ᠨᠤᠲᠤᠭ ᠮᠢᠨᠢ-ᠤᠷᠠᠨᠲᠠᠨ᠎ᠠ Uu nutag mini-UrandanaУу нутаг минь-Урандана ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠤ ᠨᠤᠲᠤᠭ ᠮᠢᠨᠢ-ᠤᠷᠠᠨᠲᠠᠨ᠎ᠠ Uu nutag mini-UrandanaУу нутаг минь-Урандана

ᠣᠤ ᠨᠤᠲᠤᠭ ᠮᠢᠨᠢ-ᠤᠷᠠᠨᠲᠠᠨ᠎ᠠ Uu nutag mini-UrandanaУу нутаг минь-Урандана

ᠠᠩᠭᠢᠯᠠᠯ:ᠳᠠᠭᠤᠤ ᠬᠥᠭᠵᠢᠮ
2025-10-14

13

ᠣᠤ ᠨᠤᠲᠤᠭ ᠮᠢᠨᠢ

   ᠦᠭᠡ᠄ ᠬᠤᠸᠠᠩ· ᠰᠡᠴᠡᠨᠪᠠᠲᠤ 
   ᠠᠶ᠎ᠠ᠄ ᠰᠠᠢᠨᠴᠣᠭᠲᠣ 
   ᠳᠠᠭᠤᠴᠢᠨ᠄ ᠤᠷᠠᠨᠲᠠᠨ᠎ᠠ 

ᠬᠣᠶᠠᠷ ᠣᠤ ᠶ᠋ᠢᠨ ᠳᠤᠮᠳᠠ 
ᠠᠪᠤ ᠡᠵᠢ ᠶ᠋ᠢᠨ ᠮᠢᠨᠢ ᠨᠤᠲᠤᠭ ᠪᠠᠢᠨ᠎ᠠ 
ᠬᠣᠷᠭᠣ ᠠᠭᠤᠯᠠ ᠶ᠋ᠢᠨ ᠠᠷᠤ ᠥᠪᠥᠷ ᠢ᠋ᠶ᠋ᠡᠷ 
ᠠᠬ᠎ᠠ ᠳᠡᠭᠦᠦ ᠶ᠋ᠢᠨ ᠮᠢᠨᠢ ᠨᠤᠲᠤᠭ ᠪᠠᠢᠨ᠎ᠠ᠃

ᠬᠣᠯᠪᠣᠭ᠎ᠠ ᠠᠭᠤᠯᠠ ᠶ᠋ᠢᠨ ᠠᠷᠤ ᠥᠪᠥᠷ ᠢ᠋ᠶ᠋ᠡᠷ 
ᠲᠥᠷᠥᠯ ᠰᠠᠳᠤᠨ ᠤ᠋ ᠮᠢᠨᠢ ᠨᠤᠲᠤᠭ ᠪᠠᠢᠨ᠎ᠠ 
ᠬᠣᠶᠠᠷ ᠬᠣᠷᠭᠣ ᠶ᠋ᠢᠨ ᠮᠢᠨᠢ ᠳᠤᠮᠳᠠᠭᠤᠷ 
ᠬᠣᠨᠢ ᠢᠮᠠᠭᠠᠨ ᠤ᠋ ᠮᠢᠨᠢ ᠪᠡᠯᠴᠢᠭᠡᠷ ᠪᠠᠢᠨ᠎ᠠ᠃
ᠠᠢ ᠬᠦᠢ ᠬᠥᠭᠡᠷᠦᠬᠦᠢ ᠠᠪᠤ ᠡᠵᠢ ᠮᠢᠨᠢ
ᠠᠢ ᠬᠥᠭᠡᠷᠦᠬᠦᠢ ᠥᠯᠥᠭᠡᠢ ᠨᠤᠲᠤᠭ ᠮᠢᠨᠢ
ᠠᠢ ᠬᠥᠭᠡᠷᠦᠬᠦᠢ ᠠᠪᠤ ᠡᠵᠢ ᠮᠢᠨᠢ !

ᠠᠯᠤᠰ ᠤ᠋ᠨ ᠠᠭᠤᠯᠠ ᠦᠵᠡᠭᠳᠡᠬᠦ ᠳ᠋ᠦ᠍
ᠠᠪᠤ ᠡᠵᠢ ᠶ᠋ᠢᠨ ᠮᠢᠨᠢ ᠨᠤᠲᠤᠭ ᠣᠢᠷᠠᠬᠠᠨ ᠪᠠᠢᠨ᠎ᠠ
ᠬᠣᠶᠠᠷ ᠪᠣᠭᠳᠠ ᠮᠢᠨᠢ ᠬᠠᠷᠠᠭᠳᠠᠬᠤ ᠳ᠋ᠤ᠌
ᠨᠤᠲᠤᠭ ᠤᠰᠤ ᠮᠢᠨᠢ ᠲᠣᠳᠣᠷᠠᠭᠠᠳ ᠪᠠᠢᠨ᠎ᠠ᠃

ᠠᠷᠤ ᠥᠪᠥᠷ ᠦ᠋ᠨ ᠨᠤᠲᠤᠭ ᠣᠷᠣᠨ
ᠠᠭᠤᠯᠠ ᠤᠰᠤ ᠮᠢᠨᠢ ᠵᠠᠯᠭᠠᠭ᠎ᠠ ᠲᠠᠢ
ᠠᠬ᠎ᠠ ᠳᠡᠭᠦᠦ ᠲᠥᠷᠥᠯ ᠰᠠᠳᠤᠨ ᠮᠢᠨᠢ
ᠠᠷᠢᠭᠤᠨ ᠰᠡᠳᠬᠢᠯ ᠳ᠋ᠡᠭᠡᠨ ᠬᠣᠯᠪᠣᠭ᠎ᠠ ᠵᠡᠷᠭᠡ ᠲᠡᠢ᠃
ᠠᠢ ᠬᠦᠢ ᠬᠥᠭᠡᠷᠦᠬᠦᠢ ᠠᠪᠤ ᠡᠵᠢ ᠮᠢᠨᠢ
ᠠᠢ ᠬᠥᠭᠡᠷᠦᠬᠦᠢ ᠥᠯᠥᠭᠡᠢ ᠨᠤᠲᠤᠭ ᠮᠢᠨᠢ
ᠠᠢ ᠬᠥᠭᠡᠷᠦᠬᠦᠢ ᠠᠪᠤ ᠡᠵᠢ ᠮᠢᠨᠢ
ᠠᠢ ᠬᠥᠭᠡᠷᠦᠬᠦᠢ ᠠᠪᠤ ᠡᠵᠢ ᠮᠢᠨᠢ!

   ᠦᠰᠦᠭ ᠬᠠᠲᠠᠭᠴᠢ᠄ ᠵᠢᠷᠠᠨᠲᠠᠢ
   ᠦᠰᠦᠭ ᠠᠮᠢᠯᠠᠭᠤᠯᠤᠭᠴᠢ᠄ ᠨᠠᠷᠠᠨᠲᠣᠭᠣᠰ
   ᠬᠢᠨᠠᠭᠴᠢ᠄ ᠤᠤᠭᠠᠨᠵᠢᠳ