ᠬᠠᠭᠤᠷᠤᠭᠰᠠᠨ ᠠᠮᠤ -ᠨᠣ ᠪᠠᠭᠠᠨ᠎ᠠХуурасан ам-Но багана ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠭᠤᠷᠤᠭᠰᠠᠨ ᠠᠮᠤ -ᠨᠣ ᠪᠠᠭᠠᠨ᠎ᠠХуурасан ам-Но багана

ᠬᠠᠭᠤᠷᠤᠭᠰᠠᠨ ᠠᠮᠤ -ᠨᠣ ᠪᠠᠭᠠᠨ᠎ᠠХуурасан ам-Но багана

ᠠᠩᠭᠢᠯᠠᠯ:ᠳᠠᠭᠤᠤ ᠬᠥᠭᠵᠢᠮ
2022-10-15

435

ᠬᠠᠭᠤᠷᠤᠭᠰᠠᠨ ᠠᠮᠤ


 ᠵᠦᠭᠡᠯᠡᠨ ᠭᠠᠯ ‍ᠢᠶ᠋ᠠᠷ ‍ᠢᠶ᠋ᠠᠨ ᠮᠡᠭᠰᠢᠭᠦᠯᠦᠨ ᠬᠠᠭᠤᠷᠤᠭᠰᠠᠨ
 ᠵᠦᠭᠡᠬᠡᠢ ᠲᠤᠰᠤᠨ ‍ᠳᠤ ᠭᠦᠯᠭᠦᠯᠦᠨ ᠠᠷᠭᠠᠳᠠᠭᠰᠠᠨ
 ᠵᠦᠪᠳᠡᠢ ᠭᠠᠷ ‍ᠢᠶ᠋ᠠᠷ ‍ᠢᠶ᠋ᠠᠨ ᠡᠷᠭᠦᠨ ᠳᠡᠭᠡᠵᠢᠯᠡᠬᠦ ᠨᠢ
 ᠵᠦᠩ ᠪᠡᠯᠭᠡ ‍ᠶ᠋ᠢᠨ ᠢᠷᠦᠭᠡᠯᠳᠡᠢ ᠶᠤᠰᠤᠨ ᠰᠢᠦ
 ᠬᠦᠨᠡᠰᠦᠨ ᠡᠷᠳᠡᠨᠢ ᠬᠠᠭᠤᠷᠤᠭᠰᠠᠨ ᠠᠮᠤ ᠮᠢᠨᠢ
 ᠬᠦᠨᠳᠦ ‍ᠶ᠋ᠢᠨ ᠬᠦᠨᠳᠦᠳᠡᠢ ᠰᠢᠮᠡᠳᠦ ᠢᠳᠡᠭᠡᠨ

 ᠤᠭᠤᠷ ᠮᠠᠨᠴᠤ ᠎ᠪᠠᠷ ᠱᠣᠩᠰᠢᠭᠤᠯᠤᠨ ᠴᠠᠶ᠋ᠢᠯᠭᠠᠭᠰᠠᠨ
 ᠤᠭᠤᠷᠠᠭ ᠰᠦ᠋ ᠎ᠪᠡᠷ ᠤᠶᠠᠷᠠᠭᠤᠯᠤᠨ ᠲᠡᠪᠲᠦᠭᠡᠭᠰᠡᠨ
 ᠤᠶᠠᠬᠠᠨ ᠬᠠᠶ᠋ᠢᠷ᠎ᠠ ᠎ᠪᠠᠷ ‍ᠢᠶ᠋ᠠᠨ ᠠᠶᠠᠭᠠᠯᠠᠨ ᠪᠠᠷᠢᠬᠤ ᠨᠢ
 ᠤᠬᠠᠭᠠᠨᠳᠤ ᠪᠦᠰᠡᠭᠦᠢ ‍ᠶ᠋ᠢᠨ ᠮᠡᠯᠮᠡᠷᠡᠭᠰᠡᠨ ᠰᠡᠳᠬᠢᠯ ᠰᠢᠦ
 ᠬᠦᠨᠡᠰᠦᠨ ᠡᠷᠳᠡᠨᠢ ᠬᠠᠭᠤᠷᠤᠭᠰᠠᠨ ᠠᠮᠤ ᠮᠢᠨᠢ
 ᠬᠦᠨᠳᠦ ‍ᠶ᠋ᠢᠨ ᠬᠦᠨᠳᠦᠳᠡᠢ ᠰᠢᠮᠡᠳᠦ ᠢᠳᠡᠭᠡᠨ

 ᠲᠠᠩᠰᠤᠭ ᠨᠠᠮᠤᠷ ‍ᠤᠨ ᠨᠣᠶᠠᠨ ᠲᠦᠷᠦᠭᠦᠦ
 ᠲᠠᠪᠤᠨ ᠲᠠᠷᠢᠶᠠᠨ ‍ᠤ ᠦᠷ᠎ᠡ ᠬᠦᠷᠦᠩᠭᠡ
 ᠨᠠᠷᠢᠨ ᠡᠯᠡᠰᠦ ᠨᠠᠶᠢᠩ ᠲᠤᠯᠭ᠎ᠠ
 ᠨᠠᠶ᠋ᠢᠯᠵᠠᠭᠤᠷ ᠮᠤᠳᠤ ᠬᠠᠭᠤᠷᠠᠢ ᠲᠦᠯᠡᠭᠡ
 ᠬᠠᠭᠤᠷᠤᠭᠰᠠᠨ ᠠᠮᠤ ᠰᠢᠷ᠎ᠠ ᠠᠮᠤ
 ᠬᠤᠳᠬᠤᠭᠤᠷ ᠮᠤᠳᠤ ᠡᠯᠭᠡᠭ ᠳᠡᠪᠢᠭᠦᠷ
 ᠲᠦᠮᠡᠨ ᠬᠣᠨᠢ ᠲᠦᠷᠳ᠋ ᠲᠦᠷᠳ᠋
 ᠲᠦᠨᠳᠦᠭᠡᠷ ᠡᠮᠡᠭᠡᠨ ᠥᠨᠳᠡᠭᠡᠰ ᠥᠨᠳᠡᠭᠡᠰ
 ᠲᠡᠭᠷᠢ ‍ᠶ᠋ᠢᠨ ᠲᠡᠨᠳᠡ ᠮᠥᠬᠦᠯᠢᠭ ᠠᠮᠤ 
 ᠲᠡᠷᠡ ᠪᠡᠶ᠎ᠡ ᠎ᠪᠡᠷ ‍ᠢᠶ᠋ᠠᠨ ᠬᠣᠨᠢᠨ ᠴᠢᠨᠡᠭᠡ
 ᠲᠠᠪᠢᠯᠭ᠎ᠠ ᠰᠤᠭ ᠪᠡᠯᠡᠭ ᠵᠤᠯᠠᠭ
 ᠲᠠ ᠪᠢᠳᠠᠨ ‍ᠤ ᠪᠠᠶᠠᠨ ᠠᠮᠢᠵᠢᠭᠤᠯ ᠂ ᠂ ᠂ ᠂

 ᠵᠠᠭᠤᠨ ᠠᠮᠳᠠ ᠎ᠪᠠᠷ ᠲᠠᠩᠨᠠᠢ ᠲᠠᠭᠰᠢᠭᠤᠯᠤᠭᠰᠠᠨ
 ᠴᠤᠬᠠᠭ ᠰᠠᠶ᠋ᠢᠬᠠᠨ ᠨᠤᠲᠤᠭ ᠰᠠᠨᠠᠭᠳᠠᠭᠤᠯᠤᠭᠰᠠᠨ
 ᠵᠢᠪᠬᠤᠭ᠎ᠠ ᠰᠡᠷᠭᠦᠭᠡᠨ ᠵᠣᠭᠣᠭᠳᠠᠨ ᠰᠠᠭᠤᠬᠤ ᠨᠢ
 ᠵᠣᠨ ᠤᠯᠠᠨ ‍ᠤ ᠡᠩᠬᠡ ‍ᠶ᠋ᠢᠨ ᠪᠤᠶᠠᠨ ᠰᠢᠦ
 ᠬᠦᠨᠡᠰᠦᠨ ᠡᠷᠳᠡᠨᠢ ᠬᠠᠭᠤᠷᠤᠭᠰᠠᠨ ᠠᠮᠤ ᠮᠢᠨᠢ
 ᠬᠦᠨᠳᠦ ‍ᠶ᠋ᠢᠨ ᠬᠦᠨᠳᠦᠳᠡᠢ ᠰᠢᠮᠡᠳᠦ ᠢᠳᠡᠭᠡᠨ
 ᠬᠠᠭᠤᠷᠤᠭᠰᠠᠨ ᠠᠮᠤ ᠰᠢᠷ᠎ᠠ ᠠᠮᠤ
 ᠲᠤᠰᠤᠳᠠᠢ ᠠᠮᠤ ᠪᠦᠩ ᠠᠮᠤ ᠂ ᠂ ᠂ ᠂