ᠠᠷᠪᠠᠨ ᠴᠠᠭᠠᠨ ᠪᠤᠶᠠᠨ ᠤ᠋ ᠢᠷᠦᠭᠡᠯ -ᠰᠠᠷᠠᠨ᠎ᠠArvan tsagaan buyany yerööl-SaraanaАрван цагаан буяны ерөөл-Сараана
ᠠᠷᠪᠠᠨ ᠴᠠᠭᠠᠨ ᠪᠤᠶᠠᠨ ᠤ᠋ ᠢᠷᠦᠭᠡᠯ
ᠦᠭᠡ᠄ ᠫ᠂ ᠨᠢᠮᠠᠯᡁᠠᠭᠪᠠ
ᠠᠶ᠎ᠠ᠄ ᠪᠠᠶᠠᠨᠮᠥ᠋ᠷᠡᠨ
ᠳᠠᠭᠤᠴᠢᠨ᠄ ᠰᠠᠷᠠᠨ᠎ᠠ
ᠠᠯᠢᠪᠠ ᠦᠢᠯᠡ ᠶ᠋ᠢᠨ ᠰᠠᠢᠬᠠᠨ ᠢ᠋ ᠪᠦᠲᠦᠭᠡᠭᠡᠳ
ᠠᠭᠤᠤ ᠣᠷᠴᠢᠯᠠᠩ ᠳ᠋ᠤ᠌ ᠪᠡᠶ᠎ᠡ ᠪᠡᠨ ᠲᠠᠨᠢᠶᠤ
ᠳᠡᠭᠡᠳᠦ ᠶ᠋ᠢᠨ ᠨᠣᠮ ᠤ᠋ᠨ ᠠᠪᠢᠰᠢᠭ᠌ ᠳᠤ ᠪᠠᠭᠲᠠᠵᠤ
ᠳᠡᠯᠭᠡᠷ ᠪᠤᠶᠠᠨ ᠤ᠋ ᠦᠷ᠎ᠡ ᠶ᠋ᠢ ᠲᠠᠷᠢᠶᠤ
ᠱᠠᠭᠰᠠᠪᠠᠳ ᠤ᠋ᠨ ᠨᠣᠮ ᠳ᠋ᠤ᠌ ᠰᠢᠮᠳᠠᠭᠠᠳ
ᠰᠠᠢᠨ ᠰᠠᠢᠬᠠᠨ ᠤ᠋ ᠢᠷᠦᠭᠡᠯ ᠲᠠᠯᠪᠢᠶᠤ
ᠠᠷᠪᠠᠨ ᠴᠠᠭᠠᠨ ᠪᠤᠶᠠᠨ ᠤ᠋ ᠭᠡᠭᠡ
ᠠᠷᠪᠠᠨ ᠵᠦᠭ ᠲᠡᠭᠡᠨ ᠰᠠᠴᠤᠷᠠᠬᠤ ᠪᠣᠯᠲᠤᠭᠠᠢ
ᠥᠭᠦᠯᠡᠬᠦ ᠦᠭᠡ ᠶ᠋ᠢᠨ ᠰᠠᠢᠬᠠᠨ ᠢ᠋ ᠪᠢᠰᠢᠯᠭᠠᠭᠠᠳ
ᠥᠷᠭᠡᠨ ᠣᠷᠴᠢᠯᠠᠩ ᠳ᠋ᠤ᠌ ᠬᠡᠯᠡ ᠪᠡᠨ ᠬᠢᠴᠢᠶᠡᠶᠦ
ᠪᠤᠷᠬᠠᠨ ᠤ᠋ ᠨᠣᠮ ᠤ᠋ᠨ ᠡᠷᠳᠡᠮ ᠳ᠋ᠦ᠍ ᠪᠠᠭᠲᠠᠵᠤ
ᠪᠣᠮᠠᠨ ᠪᠤᠶᠠᠨ ᠤ᠋ ᠦᠷ᠎ᠡ ᠶ᠋ᠢ ᠳᠠᠷᠢᠶᠤ
ᠠᠷᠢᠶᠠᠪᠠᠯᠤ ᠶ᠋ᠢᠨ ᠢᠪᠡᠭᠡᠯ ᠳ᠋ᠦ᠍ ᠪᠠᠭᠲᠠᠭᠠᠬᠤ ᠶ᠋ᠢᠨ
ᠠᠮᠤᠷ ᠪᠠᠶᠠᠰᠬᠤᠯᠠᠩᠲᠤ ᠢᠷᠦᠭᠡᠯ ᠲᠠᠯᠪᠢᠶᠤ
ᠠᠷᠪᠠᠨ ᠴᠠᠭᠠᠨ ᠪᠤᠶᠠᠨ ᠤ᠋ ᠭᠡᠭᠡ
ᠠᠷᠪᠠᠨ ᠵᠦᠭ ᠲᠡᠭᠡᠨ ᠰᠠᠴᠤᠷᠠᠬᠤ ᠪᠣᠯᠲᠤᠭᠠᠢ
ᠠᠲᠠᠭ᠎ᠠ ᠬᠣᠷᠣᠰᠤᠯ ᠠ᠋ᠴᠠ ᠠᠩᠭᠢᠳᠠ ᠬᠠᠭᠠᠴᠠᠭᠠᠳ
ᠠᠮᠤᠷ ᠠᠮᠤᠭᠤᠯᠠᠩᠲᠤ ᠰᠡᠳᠬᠢᠯ ᠢ᠋ ᠣᠨᠣᠶᠤ
ᠲᠡᠭᠦᠯᠳᠡᠷ ᠨᠣᠮ ᠤ᠋ᠨ ᠤᠳᠬ᠎ᠠ ᠳ᠋ᠤ᠌ ᠰᠢᠩᠭᠡᠭᠡᠵᠦ
ᠲᠦᠮᠡᠨ ᠪᠤᠶᠠᠨ ᠤ᠋ ᠦᠷ᠎ᠡ ᠶ᠋ᠢ ᠳᠠᠷᠢᠶᠤ
ᠲᠥᠷᠥᠯ ᠳᠣᠳᠣᠮ ᠳ᠋ᠠᠭᠠᠨ ᠲᠡᠪᠴᠢᠬᠦ ᠶ᠋ᠢᠨ ᠰᠠᠢᠬᠠᠨ
ᠲᠡᠭᠦᠰ ᠪᠠᠶᠠᠰᠬᠤᠯᠠᠩᠲᠤ ᠢᠷᠦᠭᠡᠯ ᠲᠠᠯᠪᠢᠶᠤ
ᠠᠷᠪᠠᠨ ᠴᠠᠭᠠᠨ ᠪᠤᠶᠠᠨ ᠤ᠋ ᠭᠡᠭᠡ
ᠠᠷᠪᠠᠨ ᠵᠦᠭ ᠲᠡᠭᠡᠨ ᠰᠠᠴᠤᠷᠠᠬᠤ ᠪᠣᠯᠲᠤᠭᠠᠢ
ᠠᠷᠪᠠᠨ ᠴᠠᠭᠠᠨ ᠪᠤᠶᠠᠨ ᠤ᠋ ᠭᠡᠭᠡ
ᠠᠷᠪᠠᠨ ᠵᠦᠭ ᠲᠡᠭᠡᠨ ᠰᠠᠴᠤᠷᠠᠬᠤ ᠪᠣᠯᠲᠤᠭᠠᠢ
ᠪᠣᠯᠲᠤᠭᠠᠢ ᠪᠣᠯᠲᠤᠭᠠᠢ᠁
ᠦᠰᠦᠭ ᠠᠮᠢᠯᠠᠭᠤᠯᠤᠭᠴᠢ᠄ ᠰᠣᠳᠣ
ᠦᠰᠦᠭ ᠬᠠᠳᠠᠭᠴᠢ᠄ ᠰᠣᠳᠣ