ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠬᠣᠶᠠᠷ᠂ᠨᠠᠰᠤᠨ ᠤ᠋ ᠨᠠᠮᠤᠷ ᠪᠠ ᠪᠡᠯᠭᠡ ᠶ᠋ᠢᠨ ᠲᠣᠭᠲᠠᠯᠴᠠᠭ᠎ᠠ Эр эмийн ёсон – Д᠂ Болдцэрэн <3-р бүлэг> - 2᠂ Насны намр ба бэлгийн тогтолцоо ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠬᠣᠶᠠᠷ᠂ᠨᠠᠰᠤᠨ ᠤ᠋ ᠨᠠᠮᠤᠷ ᠪᠠ ᠪᠡᠯᠭᠡ ᠶ᠋ᠢᠨ ᠲᠣᠭᠲᠠᠯᠴᠠᠭ᠎ᠠ Эр эмийн ёсон – Д᠂ Болдцэрэн <3-р бүлэг> - 2᠂ Насны намр ба бэлгийн тогтолцоо

ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠬᠣᠶᠠᠷ᠂ᠨᠠᠰᠤᠨ ᠤ᠋ ᠨᠠᠮᠤᠷ ᠪᠠ ᠪᠡᠯᠭᠡ ᠶ᠋ᠢᠨ ᠲᠣᠭᠲᠠᠯᠴᠠᠭ᠎ᠠ Эр эмийн ёсон – Д᠂ Болдцэрэн <3-р бүлэг> - 2᠂ Насны намр ба бэлгийн тогтолцоо

ᠠᠩᠭᠢᠯᠠᠯ:ᠡᠷᠡᠭᠦᠯ ᠡᠩᠬᠡ
2025-10-08

172

ᠬᠣᠶᠠᠷ᠂ ᠨᠠᠰᠤᠨ ᠤ᠋ ᠨᠠᠮᠤᠷ ᠪᠠ ᠪᠡᠯᠭᠡ ᠶ᠋ᠢᠨ ᠲᠣᠭᠲᠠᠯᠴᠠᠭ᠎ᠠ


       ᠬᠥᠮᠦᠨ ᠦ᠌ ᠪᠡᠯᠭᠡ ᠶ᠋ᠢᠨ ᠦᠢᠯᠡ ᠠᠵᠢᠯᠯᠠᠭ᠎ᠠ ᠶ᠋ᠢ ᠳᠣᠷᠢᠭᠤᠨ ᠣᠢᠯᠠᠭᠠᠶ᠎ᠠ ᠭᠡᠪᠡᠯ ᠲᠡᠷᠡᠬᠦ ᠦᠢᠯᠡ ᠠᠵᠢᠯᠯᠠᠭ᠎ᠠ ᠶ᠋ᠢ ᠬᠠᠩᠭᠠᠵᠤ ᠥᠭᠳᠡᠭ ᠪᠦᠬᠦᠯᠢ ᠪᠦᠲᠦᠨ ᠲᠣᠭᠲᠠᠯᠴᠠᠭᠠᠨ ᠤ᠋ ᠪᠦᠲᠦᠴᠡ᠂ ᠭᠦᠢᠴᠡᠳᠬᠡᠬᠦ ᠡᠭᠦᠷᠭᠡ ᠲᠡᠢ ᠲᠠᠨᠢᠯᠴᠠᠬᠤ ᠬᠡᠷᠡᠭᠲᠡᠢ᠃ ᠡᠯ᠎ᠡ ᠲᠣᠭᠲᠠᠯᠴᠠᠭᠠᠨ ᠤ᠋《ᠳᠡᠭᠡᠳᠦ ᠳᠠᠪᠬᠤᠷ》 ᠲᠤ᠌ ᠲᠠᠷᠢᠬᠢᠨ ᠤ᠋ ᠪᠣᠷᠣ ᠭᠠᠳᠠᠷ᠂《ᠳᠤᠮᠳᠠ ᠳᠠᠪᠬᠤᠷ》 ᠲᠤ᠌ ᠯᠢᠮᠹᠠ ᠶ᠋ᠢᠨ ᠰᠢᠰᠲ᠋ᠧᠮ᠂ ᠲᠣᠣᠷᠯᠢᠭ᠂ ᠪᠠᠢᠭᠤᠯᠤᠮᠵᠢ᠂ ᠺᠢᠫᠤᠲ᠋ᠠᠯᠠᠮᠤᠰ᠂ ᠥᠨᠥᠴᠢᠨ ᠲᠠᠷᠢᠬᠢ᠂ ᠨᠤᠭᠤᠰᠤ᠂《ᠳᠣᠣᠷᠠᠲᠤ ᠳᠠᠪᠬᠤᠷ》 ᠲᠤ᠌ ᠪᠡᠯᠭᠡ ᠡᠷᠬᠡᠲᠡᠨ ᠪᠠᠢᠷᠢᠯᠠᠨ᠎ᠠ᠃ ᠥᠭᠡᠷ᠎ᠡ ᠪᠡᠷ ᠬᠡᠯᠡᠪᠡᠯ᠂ ᠪᠡᠯᠭᠡ ᠶ᠋ᠢᠨ ᠦᠢᠯᠡ ᠠᠵᠢᠯᠯᠠᠭᠠᠨ ᠳ᠋ᠤ᠌ ᠪᠡᠯᠭᠡ ᠡᠷᠬᠡᠲᠡᠨ ᠡᠴᠡ ᠭᠠᠳᠠᠨ᠎ᠠ ᠲᠥᠪ ᠮᠡᠳᠡᠷᠡᠯ ᠦ᠋ᠨ ᠰᠢᠰᠲ᠋ᠧᠮ ᠦ᠋ᠨ ᠶᠠᠩᠵᠤ ᠪᠦᠷᠢ ᠶ᠋ᠢᠨ ᠲᠣᠭᠲᠠᠯᠴᠠᠭ᠎ᠠ᠂ ᠳᠣᠲᠣᠭᠠᠳᠤ ᠱᠦᠭᠦᠷᠡᠯ ᠦ᠋ᠨ ᠪᠤᠯᠴᠢᠷᠬᠠᠢ ᠶ᠋ᠢᠨ ᠰᠢᠰᠲ᠋ᠧᠮ ᠣᠷᠣᠯᠴᠠᠨ᠎ᠠ᠃ ᠭᠡᠪᠡᠴᠦ ᠣᠢᠯᠠᠭᠠᠬᠤ ᠳ᠋ᠤ᠌ ᠳᠥᠭᠥᠮ ᠢ᠋ ᠪᠣᠳᠣᠵᠤ ᠪᠡᠯᠭᠡ ᠶ᠋ᠢᠨ ᠲᠣᠭᠲᠠᠯᠴᠠᠭ᠎ᠠ ᠶ᠋ᠢᠨ《ᠳᠣᠣᠷᠠᠲᠤ ᠳᠠᠪᠬᠤᠷ》 ᠠ᠋ᠴᠠ ᠨᠢ ᠡᠬᠢᠯᠡᠨ ᠲᠠᠨᠢᠯᠴᠠᠶ᠎ᠠ᠃ ᠡᠭᠦᠨ ᠳ᠋ᠦ᠍ ᠪᠡᠯᠭᠡ ᠶ᠋ᠢᠨ ᠪᠤᠯᠴᠢᠷᠬᠠᠢ᠂ ᠲᠡᠭᠦᠨ ᠦ᠌ ᠳᠠᠢᠪᠤᠷᠢ᠂ ᠦᠷ᠎ᠡ ᠳᠠᠮᠵᠢᠭᠤᠯᠬᠤ ᠰᠤᠪᠠᠭ᠂ ᠦᠷ᠎ᠡ ᠶ᠋ᠢᠨ ᠴᠤᠯᠴᠠᠩ᠂ ᠲᠦᠷᠦᠭᠦᠦ ᠪᠤᠯᠴᠢᠷᠬᠠᠢ᠂ ᠭᠤᠤᠷ᠂ ᠬᠣᠳᠬᠠᠨᠠᠭ ᠵᠡᠷᠭᠡ ᠪᠠᠭᠲᠠᠨ᠎ᠠ᠃ ᠡᠷ᠎ᠡ ᠪᠡᠯᠭᠡ ᠶ᠋ᠢᠨ ᠪᠤᠯᠴᠢᠷᠬᠠᠢ ᠶ᠋ᠢ ᠲᠥᠮᠥᠰᠦᠭ ᠭᠡᠵᠦ ᠨᠡᠷᠡᠯᠡᠬᠦ ᠪᠥᠭᠡᠳ ᠡᠨᠡ ᠨᠢ ᠡᠷᠡᠭᠲᠡᠢ ᠬᠥᠮᠦᠨ ᠦ᠌ ᠪᠡᠯᠭᠡ ᠶ᠋ᠢᠨ ᠲᠣᠭᠲᠠᠯᠴᠠᠭᠠᠨ ᠳ᠋ᠤ᠌ ᠣᠨᠴᠣᠭᠣᠢ ᠴᠢᠬᠤᠯᠠ ᠪᠠᠢᠷᠢ ᠰᠠᠭᠤᠷᠢ ᠡᠵᠡᠯᠡᠨ᠎ᠡ᠃ 
       ᠲᠥᠮᠥᠰᠦᠭ ᠨᠢ ᠡᠷ᠎ᠡ ᠪᠡᠯᠭᠡ ᠶ᠋ᠢᠨ ᠡᠰ ᠢ᠋ ᠪᠣᠯᠪᠠᠰᠤᠷᠠᠭᠤᠯᠬᠤ ᠠ᠋ᠴᠠ ᠭᠠᠳᠠᠨ᠎ᠠ ᠡᠷ᠎ᠡ ᠪᠡᠯᠭᠡ ᠶ᠋ᠢᠨ ᠳᠠᠭᠠᠭᠠᠪᠤᠷᠢ ᠶ᠋ᠢ ᠢᠯᠭᠠᠷᠠᠭᠤᠯᠳᠠᠭ ᠬᠣᠣᠰ ᠡᠭᠦᠷᠭᠡ ᠲᠡᠢ ᠡᠷᠬᠡᠲᠡᠨ ᠶᠦᠮ᠃ ᠦᠷ᠎ᠡ ᠬᠥᠪᠦᠷᠡᠯ ᠦ᠋ᠨ ᠦᠶ᠎ᠡ ᠳ᠋ᠦ᠍ ᠲᠥᠮᠥᠰᠦᠭ ᠨᠢ ᠪᠥᠭᠡᠷ᠎ᠡ ᠶ᠋ᠢᠨ ᠣᠢᠷᠠᠯᠴᠠᠭ᠎ᠠ ᠪᠠᠢᠬᠤ ᠪᠠ ᠤᠭᠤᠷᠠᠭ ᠥᠰᠴᠦ ᠲᠣᠮᠣᠷᠠᠬᠤ ᠶ᠋ᠢᠨ ᠬᠢᠷᠢ ᠪᠡᠷ ᠠᠭᠠᠵᠢᠮ ᠢ᠋ᠶ᠋ᠠᠷ ᠳᠣᠷᠣᠭᠰᠢᠯᠠᠵᠤ᠂ ᠬᠡᠦᠬᠡᠳ ᠡᠬᠡ ᠡᠴᠡ ᠲᠥᠷᠥᠬᠦ ᠦᠶ᠎ᠡ ᠳ᠋ᠦ᠍ ᠴᠠᠪᠢᠨ ᠤ᠋ ᠰᠤᠪᠠᠭ ᠢ᠋ ᠳᠠᠭᠠᠷᠢᠨ ᠬᠣᠳᠬᠠᠨᠠᠭ ᠲᠤ᠌ ᠪᠠᠭᠤᠨ᠎ᠠ᠃ ᠡᠢᠨᠬᠦ ᠬᠡᠪᠡᠯᠢ ᠶ᠋ᠢᠨ ᠬᠥᠨᠳᠡᠢ ᠡᠴᠡ ᠪᠠᠭᠤᠵᠤ᠂ ᠬᠣᠳᠬᠠᠨᠠᠭ ᠲᠤ᠌ ᠪᠠᠢᠷᠢᠯᠠᠬᠤ ᠳ᠋ᠠᠭᠠᠨ ᠳᠣᠯᠣᠭᠠᠨ ᠳᠠᠪᠬᠤᠷ ᠪᠦᠷᠬᠦᠭᠦᠯ ᠢ᠋ᠶ᠋ᠡᠷ ᠬᠤᠴᠢᠭᠳᠠᠨ᠎ᠠ᠃ ᠬᠠᠮᠤᠭ ᠤ᠋ᠨ ᠭᠠᠳᠠᠨ᠎ᠠ ᠲᠠᠯ᠎ᠠ ᠶ᠋ᠢᠨ ᠪᠦᠷᠬᠦᠭᠦᠯ ᠨᠢ ᠬᠣᠳᠬᠠᠨᠠᠭ ᠤ᠋ᠨ ᠠᠷᠠᠰᠤ ᠪᠥᠭᠡᠳ ᠡᠨᠡ ᠨᠢ ᠪᠡᠶ᠎ᠡ ᠶ᠋ᠢᠨ ᠪᠤᠰᠤᠳ ᠬᠡᠰᠡᠭ ᠢ᠋ ᠪᠣᠳᠣᠪᠠᠯ ᠨᠢᠮᠭᠡᠬᠡᠨ᠂ ᠠᠲᠤᠷᠢᠶ᠎ᠠ ᠲᠠᠢ᠂ ᠨᠡᠯᠢᠶᠡᠳ ᠨᠥᠰᠦᠭᠡᠲᠡᠢ ᠶᠦᠮ᠃ ᠡᠷᠡᠭᠲᠡᠢ ᠬᠥᠮᠦᠨ ᠦ᠌ ᠲᠥᠮᠥᠰᠥᠭ ᠢᠮᠠᠭᠲᠠ ᠬᠣᠳᠬᠠᠨᠠᠭ ᠲᠤ᠌ ᠪᠠᠢᠳᠠᠭ ᠪᠣᠯ ᠶᠡᠬᠡᠩᠬᠢ ᠬᠥᠬᠥᠲᠡᠨ ᠠᠮᠢᠲᠠᠨ ᠤ᠋ ᠵᠥᠪᠬᠡᠨ ᠣᠷᠣᠭ᠎ᠠ ᠣᠷᠣᠬᠤ ᠦᠶ᠎ᠡ ᠳ᠋ᠡᠭᠡᠨ ᠯᠡ ᠬᠣᠳᠬᠠᠨᠠᠭ ᠲᠤ᠌ ᠪᠠᠭᠤᠳᠠᠭ᠃ ᠬᠣᠳᠬᠠᠨᠠᠭ ᠤ᠋ᠨ ᠳᠣᠲᠣᠷᠠᠬᠢ ᠳᠤᠯᠠᠭᠠᠨ ᠬᠡᠪᠡᠯᠢ ᠶ᠋ᠢᠨ ᠬᠥᠨᠳᠡᠢ ᠶ᠋ᠢᠨ ᠳᠤᠯᠠᠭᠠᠨ ᠠ᠋ᠴᠠ3—7 ᠭᠡᠮ ᠢ᠋ᠶ᠋ᠡᠷ ᠪᠠᠭ᠎ᠠ ᠪᠠᠢᠳᠠᠭ ᠨᠢ ᠲᠥᠮᠥᠰᠦᠭ ᠲᠦ᠍ ᠡᠷ᠎ᠡ ᠪᠡᠯᠭᠡ ᠶ᠋ᠢᠨ ᠡᠰ ᠬᠡᠪ ᠢ᠋ᠶ᠋ᠡᠷ ᠪᠣᠯᠪᠠᠰᠤᠷᠠᠬᠤ ᠬᠠᠮᠤᠭ ᠤ᠋ᠨ ᠲᠠᠭᠠᠯᠠᠮᠵᠢᠲᠠᠢ ᠨᠥᠬᠥᠴᠡᠯ ᠢ᠋ ᠬᠠᠩᠭᠠᠵᠤ ᠥᠭᠭᠦᠨ᠎ᠡ᠃ ᠡᠭᠦᠨ ᠦ᠌ ᠤᠴᠢᠷ ᠨᠢ ᠭᠡᠪᠡᠯ ᠡᠮᠡᠭᠲᠡᠢ ᠬᠥᠮᠦᠨ ᠦ᠌ ᠥᠨᠳᠡᠭᠡᠨ ᠡᠰ ᠢ᠋ ᠪᠣᠳᠣᠪᠠᠯ ᠡᠷ᠎ᠡ ᠪᠡᠯᠭᠡ ᠶ᠋ᠢᠨ ᠥᠰᠦᠯᠲᠡ ᠬᠥᠭᠵᠢᠯᠲᠡ ᠳ᠋ᠦ᠍ ᠳᠤᠯᠠᠭᠠᠨ ᠪᠠᠭ᠎ᠠ ᠱᠠᠭᠠᠷᠳᠠᠯᠭᠠᠲᠠᠢ ᠪᠠᠢᠳᠠᠭ᠃ ᠲᠡᠢᠮᠦ ᠡᠴᠡ ᠴᠦ᠍ ᠡᠷ᠎ᠡ ᠬᠥᠮᠦᠨ ᠦ᠌ ᠲᠥᠮᠥᠰᠦᠭ ᠪᠡᠶ᠎ᠡ ᠶ᠋ᠢᠨ ᠭᠠᠳᠠᠨ᠎ᠠ ᠬᠣᠳᠬᠠᠨᠠᠭ ᠲᠤ᠌ ᠡᠮᠡᠭᠲᠡᠢ ᠬᠥᠮᠦᠨ ᠦ᠌ ᠥᠨᠳᠡᠭᠡᠪᠴᠢ ᠪᠡᠶ᠎ᠡ ᠶ᠋ᠢᠨ ᠳᠣᠲᠣᠷ᠎ᠠ ᠲᠠᠯ᠎ᠠ ᠳ᠋ᠤ᠌ ᠪᠠᠢᠳᠠᠭ᠃ ᠲᠣᠭᠲᠠᠮᠠᠯ ᠳᠤᠯᠠᠭᠠᠨ ᠣᠷᠴᠢᠨ ᠪᠣᠯ ᠥᠨᠳᠡᠭᠡᠨ ᠡᠰ ᠪᠣᠯᠪᠠᠰᠤᠷᠠᠬᠤ ᠬᠠᠮᠤᠭ ᠤ᠋ᠨ ᠲᠠᠭᠠᠯᠠᠮᠵᠢᠲᠠᠢ ᠨᠥᠬᠥᠴᠡᠯ ᠤᠴᠢᠷ ᠠ᠋ᠴᠠ ᠥᠨᠳᠡᠭᠡᠨ ᠡᠰ ᠥᠨᠳᠡᠭᠡᠪᠴᠢ ᠡᠴᠡ ᠭᠠᠳᠠᠭᠰᠢᠯᠠᠬᠤ ᠳ᠋ᠤ᠌ ᠪᠡᠶ᠎ᠡ ᠶ᠋ᠢᠨ ᠬᠠᠯᠠᠭᠤᠨ ᠪᠠᠭ᠎ᠠ ᠵᠡᠷᠭᠡ(ᠨᠢᠭᠡ ᠭᠡᠮ)ᠨᠡᠮᠡᠭᠳᠡᠳᠡᠭ᠃ ᠲᠡᠭᠡᠪᠡᠯ ᠬᠠᠯᠠᠭᠤᠨ ᠳᠤᠯᠠᠭᠠᠨ ᠣᠷᠴᠢᠨ ᠳ᠋ᠤ᠌ ᠡᠷ᠎ᠡ ᠪᠡᠯᠭᠡ ᠶ᠋ᠢᠨ ᠡᠰ ᠪᠣᠯᠪᠠᠰᠤᠷᠠᠬᠤ ᠹᠷᠤᠽᠰᠰ ᠠᠯᠳᠠᠭᠳᠠᠨ᠎ᠠ᠃ ᠡᠭᠦᠨ ᠢ᠋ ᠺᠯᠢᠨᠢᠺ ᠦ᠋ᠨ ᠣᠯᠠᠨ ᠠᠵᠢᠭᠯᠠᠯᠲᠠ ᠭᠡᠷᠡᠴᠢᠯᠡᠵᠦ ᠪᠠᠢᠭ᠎ᠠ ᠶᠤᠮ᠃ ᠲᠤᠬᠠᠢᠯᠠᠪᠠᠯ᠂ ᠲᠥᠮᠥᠰᠦᠭ ᠨᠢ ᠬᠣᠳᠬᠠᠨᠠᠭ ᠲᠤ᠌ ᠪᠠᠭᠤᠭᠠᠳᠤᠢ ᠪᠤᠶᠤ ᠴᠠᠪᠢᠨ ᠤ᠋ ᠢᠪᠡᠷᠬᠡᠢ ᠲᠡᠢ᠂ ᠡᠰᠡᠬᠦᠯ᠎ᠡ ᠣᠯᠠᠨ ᠬᠣᠨᠣᠭ᠂ ᠰᠠᠷ᠎ᠠ ᠬᠠᠯᠠᠭᠤᠨ ᠲᠠᠢ ᠪᠠᠢᠭᠰᠠᠨ(ᠬᠠᠯᠠᠭᠤᠷᠠᠭᠰᠠᠨ) ᠬᠥᠮᠦᠨ ᠦ᠌ ᠦᠷ᠎ᠡ ᠶ᠋ᠢᠨ ᠰᠢᠩᠭᠡᠨ ᠢ᠋ ᠰᠢᠨᠵᠢᠯᠡᠨ ᠦᠵᠡᠬᠦ ᠳ᠋ᠦ᠍ ᠲᠡᠭᠦᠨ ᠳ᠋ᠦ᠍ ᠡᠷ᠎ᠡ ᠪᠡᠯᠭᠡ ᠶ᠋ᠢᠨ ᠡᠰ ᠦ᠋ᠨ ᠲᠣᠭ᠎ᠠ ᠢᠯᠡᠳᠲᠡ ᠴᠥᠭᠡᠷᠡᠭᠰᠡᠨ ᠪᠠᠢᠳᠠᠭ᠃ ᠬᠠᠯᠠᠭᠤᠨ ᠪᠠᠭᠤᠷᠠᠭᠰᠠᠨ ᠤ᠋ ᠳᠠᠷᠠᠭ᠎ᠠ ᠪᠤᠴᠠᠭᠠᠳ ᠬᠡᠪ ᠲᠡᠭᠡᠨ ᠣᠷᠣᠳᠠᠭ᠃ ᠥᠷᠥᠭᠡᠰᠦᠨ ᠲᠥᠮᠥᠰᠦᠭ ᠬᠣᠳᠬᠠᠨᠠᠭ ᠪᠠᠭᠤᠭᠠᠳᠤᠢ ᠲᠣᠬᠢᠶᠠᠯᠳᠤᠯ ᠤ᠋ᠨ40%—60% ᠨᠢ ᠨᠥᠭᠦᠭᠡ ᠬᠣᠳᠬᠠᠨᠠᠭ ᠲᠤ᠌ ᠪᠠᠢᠭ᠎ᠠ ᠲᠥᠮᠤᠰᠦᠭ ᠦ᠋ᠨ ᠦᠢᠯᠡ ᠠᠵᠢᠯᠯᠠᠭᠠᠨ ᠳ᠋ᠤ᠌ ᠮᠠᠭᠤ ᠪᠠᠷ ᠨᠥᠯᠥᠭᠡᠯᠡᠵᠦ᠂ ᠡᠷᠡᠭᠲᠡᠢ ᠬᠥᠮᠦᠨ ᠦ᠌ ᠦᠷᠡᠭᠦᠢᠳᠡᠯ ᠦ᠋ᠨ ᠨᠢᠭᠡ ᠰᠢᠯᠲᠠᠭᠠᠨ ᠪᠣᠯᠳᠠᠭ ᠢ᠋ ᠰᠤᠳᠤᠯᠭᠠᠨ ᠪᠠᠲᠤᠯᠠᠵᠤ ᠪᠠᠢᠨ᠎ᠠ᠃ ᠢᠩᠭᠢᠬᠦᠯᠡᠷ᠂ ᠬᠣᠳᠬᠠᠨᠠᠭ ᠪᠣᠯ ᠲᠥᠮᠥᠰᠦᠭ ᠦ᠋ᠨ ᠬᠠᠯᠠᠭᠤᠨ᠂ ᠬᠦᠢᠲᠡᠨ ᠢ᠋ ᠲᠣᠬᠢᠷᠠᠭᠤᠯᠤᠭᠴᠢ ᠴᠢᠬᠤᠯᠠ ᠡᠭᠦᠷᠭᠡ ᠲᠡᠢ᠃ ᠲᠠᠭᠠᠷᠠᠵᠤ ᠬᠦᠷᠦᠬᠦ ᠪᠤᠶᠤ ᠬᠦᠢᠲᠡᠨ ᠳ᠋ᠦ᠍ ᠬᠣᠳᠬᠠᠨᠠᠭ ᠤ᠋ᠨ ᠪᠤᠯᠴᠢᠩᠯᠢᠭ ᠪᠦᠷᠬᠦᠭᠦᠯ ᠠᠭᠰᠢᠵᠤ᠂ ᠲᠥᠮᠥᠰᠦᠭ ᠳᠡᠭᠡᠭᠰᠢ ᠲᠠᠲᠠᠭᠳᠠᠨ᠎ᠠ᠃ ᠲᠡᠭᠡᠪᠡᠯ ᠬᠠᠯᠠᠭᠤᠨ ᠳ᠋ᠤ᠌ ᠲᠡᠭᠦᠨ ᠦ᠌ ᠪᠤᠯᠴᠢᠩ ᠰᠤᠯᠠᠷᠠᠵᠤ᠂ ᠬᠣᠳᠭᠠᠨᠠᠭ ᠤᠨᠵᠢᠢᠨ᠎ᠠ᠃ 
       ᠥᠭᠡᠷ᠎ᠡ ᠨᠢᠭᠡ ᠰᠣᠨᠢᠨ ᠵᠦᠢᠯ ᠬᠣᠳᠬᠠᠨᠠᠭ ᠤ᠋ᠨ ᠳᠤᠯᠠᠭᠠᠨ ᠡᠷ᠎ᠡ ᠪᠡᠯᠭᠡ ᠡᠷᠬᠡᠲᠡᠨ ᠦ᠌(ᠭᠤᠤᠷ ᠤ᠋ᠨ) ᠲᠡᠭᠡᠷᠬᠡᠢ ᠶ᠋ᠢᠨ ᠳᠤᠯᠠᠭᠠᠨ ᠠ᠋ᠴᠠ ᠴᠦ᠍ ᠪᠠᠭ᠎ᠠ ᠪᠠᠢᠳᠠᠭ ᠶᠠᠪᠤᠳᠠᠯ ᠶᠤᠮ᠃ ᠰᠤᠳᠤᠯᠭᠠᠨ ᠠ᠋ᠴᠠ ᠦᠵᠡᠬᠦ ᠳ᠋ᠦ᠍᠂ ᠬᠣᠳᠬᠠᠨᠠᠭ ᠤ᠋ᠨ ᠳᠤᠯᠠᠭᠠᠨ26—32 ᠪᠠᠢᠬᠤ ᠳ᠋ᠤ᠌ ᠭᠤᠤᠷ ᠤ᠋ᠨ ᠲᠡᠭᠡᠷᠬᠡᠢ ᠶ᠋ᠢᠨ ᠳᠤᠯᠠᠭᠠᠨ27.7—35.1 ᠭᠡᠮ ᠪᠠᠢᠨ᠎ᠠ᠃ ᠡᠢᠨᠬᠦ ᠶᠠᠩᠵᠤ ᠪᠦᠷᠢ ᠶ᠋ᠢᠨ ᠨᠠᠰᠤᠨ ᠤ᠋ ᠡᠷᠡᠭᠦᠯ ᠴᠢᠬᠢᠷᠠᠭ ᠡᠷᠡᠴᠦᠳ ᠦ᠋ᠨ ᠬᠣᠳᠬᠠᠨᠠᠭ ᠪᠣᠯᠤᠨ ᠲᠡᠭᠡᠷᠬᠡᠢ ᠶ᠋ᠢᠨ ᠳᠤᠯᠠᠭᠠᠨ ᠪᠡᠶ᠎ᠡ ᠶ᠋ᠢᠨ ᠪᠤᠰᠤᠳ ᠬᠡᠰᠡᠭ ᠲᠡᠢ ᠵᠢᠱ᠌ᠢᠬᠦ ᠳ᠋ᠦ᠍ ᠶᠡᠬᠡᠬᠡᠨ ᠵᠥᠷᠢᠶ᠎ᠡ ᠲᠡᠢ ᠠᠵᠠᠢ᠃ 
       ᠭᠡᠪᠡᠴᠦ ᠨᠠᠰᠤᠵᠢᠬᠤ ᠳᠣᠳᠣᠮ ᠲᠡᠳᠡᠭᠡᠷ ᠦ᠋ᠨ ᠵᠥᠷᠢᠶ᠎ᠡ ᠪᠠᠭᠠᠰᠴᠤ᠂ ᠬᠣᠳᠬᠠᠨᠠᠭ ᠤ᠋ᠨ ᠳᠤᠯᠠᠭᠠᠨ ᠨᠡᠮᠡᠭᠳᠡᠵᠦ ᠲᠡᠭᠡᠷᠬᠡᠢ ᠶ᠋ᠢᠨ ᠳᠤᠯᠠᠭᠠᠨ ᠪᠠᠭᠤᠷᠠᠨ᠎ᠠ᠃ ᠲᠤᠬᠠᠢᠯᠠᠪᠠᠯ᠂20—30 ᠨᠠᠰᠤᠨ ᠤ᠋ ᠳᠤᠯᠠᠭᠠᠨ ᠤ᠋ ᠵᠥᠷᠢᠶ᠎ᠡ 5 ᠭᠡᠮ ᠣᠷᠴᠢᠮ ᠪᠠᠢᠳᠠᠭ ᠪᠣᠯ45 ᠬᠦᠷᠬᠦ ᠳ᠋ᠦ᠍1᠂5 ᠭᠡᠮ ᠪᠣᠯᠵᠤ᠂55 ᠠ᠋ᠴᠠ ᠳᠡᠭᠡᠭᠰᠢ ᠨᠠᠰᠤᠨ ᠳ᠋ᠤ᠌ ᠡᠯ᠎ᠡ ᠵᠥᠷᠢᠶ᠎ᠡ ᠪᠠᠷᠤᠭ ᠠᠷᠢᠯᠤᠨ᠎ᠠ᠃ 
       ᠡᠢᠨᠬᠦ ᠨᠠᠰᠤ ᠨᠡᠮᠡᠬᠦ ᠲᠣᠰᠤᠮ ᠲᠡᠭᠡᠷᠬᠡᠢ ᠶ᠋ᠢᠨ ᠳᠤᠯᠠᠭᠠᠨ ᠪᠠᠭᠠᠰᠴᠤ( ᠪᠠᠭᠤᠷᠠᠵᠤ) ᠪᠣᠢ ᠨᠢ ᠭᠤᠤᠷ ᠤ᠋ᠨ ᠴᠠᠰᠤᠨ ᠤ᠋ ᠬᠠᠩᠭᠠᠮᠵᠢ ᠳᠦᠭᠦᠷᠦᠯᠲᠡ ᠥᠭᠡᠷᠡᠴᠢᠯᠡᠭᠳᠡᠭᠰᠡᠨ ᠦ᠌ ᠬᠢ ᠶᠦᠮ᠃ ᠡᠴᠦᠰ ᠦ᠋ᠨ ᠪᠦᠯᠦᠭ ᠲᠦ᠍ ᠡᠷᠡᠭᠲᠡᠢ ᠶ᠋ᠢᠨ ᠪᠡᠯᠭᠡ ᠡᠷᠬᠡᠲᠡᠨ ᠬᠥᠪᠴᠢᠷᠡᠬᠦ ᠴᠢᠳᠠᠪᠤᠷᠢ ᠲᠡᠭᠦᠨ ᠦ᠌ ᠬᠥᠨᠳᠡᠢᠲᠦ ᠪᠡᠶ᠎ᠡ ᠶ᠋ᠢᠨ ᠴᠢᠰᠤᠨ ᠳᠦᠭᠦᠷᠦᠯᠲᠡ ᠡᠴᠡ ᠰᠢᠯᠲᠠᠭᠠᠯᠠᠳᠠᠭ ᠪᠣᠯᠬᠣᠷ ᠶᠠᠮᠠᠷ ᠨᠢᠭᠡᠨ ᠰᠢᠯᠲᠠᠭᠠᠨ ᠤ᠋ ᠤᠯᠠᠮ ᠠ᠋ᠴᠠ ᠴᠢᠰᠤᠨ ᠬᠠᠩᠭᠠᠮᠵᠢ ᠨᠢ ᠪᠠᠭᠠᠰᠬᠠᠬᠤ ᠳ᠋ᠤ᠌ ᠬᠥᠪᠴᠢᠷᠡᠬᠦ ᠨᠢ ᠮᠠᠭᠤᠳᠠᠨ᠎ᠠ᠃ ᠨᠠᠰᠤᠨ ᠳ᠋ᠤ᠌ ᠬᠦᠷᠦᠭᠰᠡᠨ ᠡᠷ᠎ᠡ ᠬᠥᠮᠦᠨ ᠦ᠌ ᠲᠥᠮᠥᠰᠦᠭ ᠲᠠᠭᠲᠠᠭᠠᠨ ᠤ᠋ ᠥᠨᠳᠡᠭᠡᠨ ᠡᠴᠡ ᠠᠷᠠᠢ ᠲᠣᠮᠣ ᠬᠡᠮᠵᠢᠶᠡᠨ ᠦ᠌(4—4.5×2.5—3.5 ᠰᠡᠨᠲ᠋ᠢᠮᠧᠲᠷ)᠂20—30 ᠭᠷᠠᠮ ᠵᠢᠩ ᠲᠡᠢ ᠪᠠᠢᠨ᠎ᠠ᠃ ᠲᠥᠮᠥᠰᠥᠭ ᠲᠦ᠍ ᠣᠯᠠᠨ ᠰᠠᠶ᠎ᠠ ᠡᠷ᠎ᠡ ᠪᠡᠯᠭᠡ ᠶ᠋ᠢᠨ ᠡᠰ ᠪᠣᠯᠪᠠᠰᠤᠷᠠᠨ᠎ᠠ᠃ ᠥᠭᠡᠷ᠎ᠡ ᠪᠡᠷ ᠬᠡᠯᠡᠪᠡᠯ᠂ ᠲᠥᠮᠥᠰᠦᠭ ᠪᠣᠯ ᠦᠷ᠎ᠡ ᠶ᠋ᠢᠨ ᠵᠠᠶᠠᠭ᠎ᠠ ᠬᠠᠢᠷᠠᠯᠠᠳᠠᠭ(ᠲᠡᠳᠬᠦᠳᠡᠭ) ᠡᠷᠬᠡᠲᠡᠨ ᠪᠣᠯᠠᠢ᠃ ᠲᠡᠢᠮᠦ ᠡᠴᠡ ᠠᠳᠤᠭᠤ ᠳ᠋ᠤ᠌ ᠢᠰᠬᠦᠯᠦᠭᠦᠯᠬᠦ᠂ ᠶᠠᠭᠤᠮᠠᠨ ᠳ᠋ᠤ᠌ ᠨᠢᠳᠡᠷᠡᠬᠦ ᠵᠡᠷᠭᠡ ᠮᠧᠬᠠᠨᠢᠭ ᠭᠡᠮᠲᠦᠯ ᠦ᠋ᠨ ᠤᠯᠠᠮ ᠠ᠋ᠴᠠ ᠲᠥᠮᠥᠰᠦᠭ ᠭᠡᠮᠲᠦᠪᠡᠯ ᠦᠷ᠎ᠡ ᠵᠠᠶᠠᠭᠠᠬᠤ ᠦᠭᠡᠢ᠃
       ᠡᠷ᠎ᠡ ᠪᠡᠯᠭᠡ ᠶ᠋ᠢᠨ ᠡᠰ ᠨᠢ ᠥᠰᠪᠥᠷᠢ ᠨᠠᠰᠤᠨ ᠠ᠋ᠴᠠ ᠥᠲᠡᠯ᠎ᠡ ᠨᠠᠰᠤ ᠬᠦᠷᠲᠡᠯ᠎ᠡ ᠳᠥᠷᠪᠡᠨ ᠴᠠᠭ ᠤ᠋ᠨ ᠡᠷᠭᠢᠯᠲᠡ ᠳ᠋ᠦ᠍ ᠲᠤᠵᠢ ᠪᠣᠯᠪᠠᠰᠤᠷᠠᠵᠤ ᠪᠠᠢᠳᠠᠭ ᠪᠥᠭᠡᠳ ᠪᠣᠯᠪᠠᠰᠤᠷᠠᠭᠰᠠᠨ ᠲᠣᠭ᠎ᠠ ᠲᠣᠮᠰᠢ ᠦᠭᠡᠢ ᠣᠯᠠᠨ ᠰᠠᠶ᠎ᠠ ᠡᠰ ᠨᠢ ᠳᠥᠮᠥᠰᠦᠭ ᠦ᠋ᠨ ᠳᠠᠢᠪᠤᠷᠢ ᠳ᠋ᠤ᠌ ᠣᠷᠣᠵᠤ᠂ ᠲᠡᠨᠳᠡ ᠴᠠᠭ ᠤ᠋ᠨ ᠡᠴᠦᠰ ᠬᠦᠷᠲᠡᠯ᠎ᠡ ᠪᠣᠯᠪᠠᠰᠤᠷᠠᠵᠤ᠂ ᠦᠷ᠎ᠡ ᠲᠣᠭᠲᠠᠬᠤ ᠴᠢᠳᠠᠪᠤᠷᠢ ᠣᠯᠵᠤ ᠠᠪᠤᠨ᠎ᠠ᠃ ᠥᠭᠡᠷ᠎ᠡ ᠪᠡᠷ ᠬᠡᠯᠡᠪᠡᠯ᠂ ᠲᠥᠮᠥᠰᠦᠭ ᠦ᠋ᠨ ᠳᠠᠢᠪᠤᠷᠢ ᠪᠣᠯ ᠵᠣᠭᠰᠣᠭ᠎ᠠ ᠵᠠᠢ ᠦᠭᠡᠢ ᠪᠣᠯᠪᠠᠰᠤᠷᠠᠬᠤ ᠣᠯᠠᠨ ᠰᠠᠶ᠎ᠠ ᠡᠷ᠎ᠡ ᠪᠡᠯᠭᠡ ᠶ᠋ᠢᠨ ᠡᠰ ᠢ᠋ ᠠᠭᠤᠯᠤᠭᠴᠢ ᠰᠠᠪᠠ ᠮᠥᠨ᠃ ᠬᠤᠷᠢᠴᠠᠯ ᠤ᠋ᠨ ᠦᠶ᠎ᠡ ᠳ᠋ᠦ᠍ ᠲᠥᠮᠥᠰᠦᠭ ᠦ᠋ᠨ ᠳᠠᠢᠪᠤᠷᠢ ᠳ᠋ᠤ᠌ ᠬᠠᠳᠠᠭᠠᠯᠠᠭᠰᠠᠨ ᠣᠯᠠᠨ ᠰᠠᠶ᠎ᠠ ᠪᠡᠯᠭᠡ ᠶ᠋ᠢᠨ ᠡᠰ ᠦ᠋ᠳ ᠲᠦᠷᠦᠭᠦᠦ ᠪᠤᠯᠴᠢᠷᠬᠠᠢ ᠪᠠ ᠦᠷ᠎ᠡ ᠶ᠋ᠢᠨ ᠴᠤᠯᠴᠠᠩ ᠤ᠋ᠨ ᠱᠦᠭᠦᠷᠡᠯ ᠳ᠋ᠦ᠍ ᠬᠣᠯᠢᠯᠳᠤᠨ ᠭᠠᠳᠠᠭᠰᠢ ᠪᠠᠨ ᠰᠠᠴᠤᠭᠳᠠᠨ᠎ᠠ᠃ ᠡᠭᠦᠨ ᠢ᠋ ᠦᠷ᠎ᠡ ᠶ᠋ᠢᠨ ᠰᠣᠩ ᠭᠡᠵᠦ ᠨᠡᠷᠡᠯᠡᠨ᠎ᠡ᠃ ᠭᠡᠪᠡᠴᠦ ᠪᠢᠳᠡ ᠦᠷ᠎ᠡ ᠶ᠋ᠢᠨ ᠰᠢᠩᠭᠡᠨ ᠭᠡᠵᠦ ᠶᠠᠷᠢᠵᠤ ᠵᠠᠩᠰᠢᠵᠠᠢ᠃ 
       ᠰᠢᠨᠡᠬᠡᠨ ᠢᠯᠭᠠᠷᠠᠭᠰᠠᠨ ᠦᠷ᠎ᠡ ᠶ᠋ᠢᠨ ᠰᠣᠩ ᠤᠨᠵᠢᠷᠠᠯᠳᠤᠭᠰᠠᠨ ᠥᠳᠬᠡᠨ᠂ ᠰᠦ ᠰᠢᠭ ᠪᠤᠯᠠᠩᠭᠢᠷ ᠪᠠᠢᠳᠠᠯ ᠲᠠᠢ᠂ ᠥᠪᠡᠷᠮᠢᠴᠡ ᠦᠨᠦᠷ ᠲᠡᠢ ᠰᠢᠩᠭᠡᠨ ᠪᠠᠢᠳᠠᠭ᠃ ᠨᠢᠭᠡ ᠤᠳᠠᠭ᠎ᠠ ᠬᠤᠷᠢᠴᠠᠯ ᠦᠢᠯᠡᠳᠦᠯ ᠳ᠋ᠦ᠍ ᠨᠠᠰᠤ᠂ ᠪᠡᠶ᠎ᠡ ᠭᠦᠢᠴᠡᠭᠰᠡᠨ ᠬᠥᠮᠦᠨ ᠡᠴᠡ3—5 ᠭᠷᠠᠮ ᠦᠷ᠎ᠡ ᠶ᠋ᠢᠨ ᠰᠤᠩ ᠭᠠᠷᠳᠠᠭ ᠪᠥᠭᠡᠳ ᠲᠡᠭᠦᠨ ᠳ᠋ᠦ᠍200—300 ᠣᠷᠴᠢᠮ ᠡᠷ᠎ᠡ ᠪᠡᠯᠭᠡ ᠶ᠋ᠢᠨ ᠡᠰ ᠠᠭᠤᠯᠤᠭᠳᠠᠨ᠎ᠠ᠃ ᠭᠡᠪᠡᠴᠦ ᠨᠠᠰᠤ ᠠᠬᠢᠬᠤ ᠶ᠋ᠢᠨ ᠬᠢᠷᠢ ᠪᠡᠷ ᠢᠯᠭᠠᠷᠠᠬᠤ ᠦᠷ᠎ᠡ ᠶ᠋ᠢᠨ ᠰᠤᠩ ᠤ᠋ᠨ ᠬᠡᠮᠵᠢᠶ᠎ᠡ᠂ ᠲᠡᠭᠦᠨ ᠳ᠋ᠦ᠍ ᠠᠭᠤᠯᠤᠭᠳᠠᠬᠤ ᠡᠷ᠎ᠡ ᠪᠡᠯᠭᠡ ᠶ᠋ᠢᠨ ᠡᠰ ᠦ᠋ᠨ ᠲᠣᠭ᠎ᠠ ᠴᠥᠭᠡᠷᠡᠨ᠎ᠡ᠃ ᠡᠨᠡ ᠪᠣᠯ ᠡᠷ᠎ᠡ ᠶ᠋ᠢ ᠨᠠᠰᠤ ᠳᠠᠷᠤᠵᠤ ᠪᠣᠢ ᠶ᠋ᠢᠨ ᠨᠢᠭᠡᠨ ᠢᠯᠡᠷᠬᠡᠢᠯᠡᠯ ᠭᠡᠯᠲᠡᠢ᠃ 《ᠲᠣᠯᠣᠭᠠᠢ ᠬᠣᠯᠪᠣᠭᠠᠳ ᠨᠡᠯᠢᠶᠡᠳ ᠬᠡᠳᠦᠨ ᠵᠢᠯ ᠥᠩᠭᠡᠷᠡᠵᠦ ᠪᠠᠢᠭ᠎ᠠ ᠪᠣᠯᠪᠠᠴᠤ ᠦᠷ᠎ᠡ ᠵᠠᠶᠠᠭᠠᠬᠤ ᠦᠭᠡᠢ᠂ ᠬᠡᠦᠬᠡᠳ ᠭᠠᠷᠬᠤ ᠦᠭᠡᠢ ᠶᠦᠮ》 ᠭᠡᠮᠡᠨ ᠵᠥᠪᠯᠡᠯᠭᠡ ᠠᠪᠬᠤ ᠪᠠᠷ ᠪᠢᠳᠡᠨ ᠳ᠋ᠦ᠍ ᠢᠷᠡᠵᠦ ᠪᠣᠢ ᠡᠷᠡᠴᠦᠳ ᠦ᠋ᠨ ᠦᠷ᠎ᠡ ᠶ᠋ᠢᠨ ᠰᠢᠩᠭᠡᠨ ᠢ᠋ ᠰᠢᠨᠵᠢᠯᠡᠨ ᠦᠵᠡᠬᠦ ᠳ᠋ᠦ᠍ ᠵᠠᠷᠢᠮ ᠤ᠋ᠨ ᠬᠢᠨᠢ ᠶᠡᠬᠡ ᠥᠳᠬᠡᠨ ᠪᠠᠢᠳᠠᠭ᠃ ᠡᠨᠡ ᠪᠣᠯ ᠦᠷ᠎ᠡ ᠶ᠋ᠢᠨ ᠰᠤᠩ ᠤ᠋ᠨ《ᠥᠳᠬᠡᠨ》 ᠬᠡᠰᠡᠭ ᠢ᠋ ᠪᠦᠲᠦᠭᠡᠳᠡᠭ ᠲᠥᠮᠥᠰᠦᠭ ᠦ᠋ᠨ ᠦᠢᠯᠡ ᠠᠵᠢᠯᠯᠠᠭ᠎ᠠ ᠬᠡᠪ ᠦ᠋ᠨ ᠪᠠᠢᠬᠤ ᠶ᠋ᠢ ᠢᠯᠡᠳᠬᠡᠨ ᠬᠠᠷᠠᠭᠤᠯᠬᠤ ᠠ᠋ᠴᠠ ᠭᠠᠳᠠᠨ᠎ᠠ ᠲᠡᠭᠦᠨ ᠦ᠌《ᠰᠢᠩᠭᠡᠨ》 ᠬᠡᠰᠡᠭ ᠢ᠋ ᠪᠦᠲᠦᠭᠡᠳᠡᠭ ᠲᠦᠷᠦᠭᠦᠦ ᠪᠤᠯᠴᠢᠷᠬᠠᠢ ᠪᠠ ᠦᠷ᠎ᠡ ᠶ᠋ᠢᠨ ᠴᠤᠯᠴᠠᠩ ᠤ᠋ᠨ ᠱᠦᠭᠦᠷᠡᠯ ᠪᠠᠭᠠᠰᠤᠭᠰᠠᠨ ᠢ᠋ ᠵᠢᠭᠠᠨ᠎ᠠ᠃ ᠡᠢᠨᠬᠦ ᠦᠷ᠎ᠡ ᠶ᠋ᠢᠨ ᠰᠤᠩ ᠥᠳᠬᠡᠷᠡᠬᠦ ᠨᠢ ᠲᠦᠷᠦᠭᠦᠦ ᠪᠤᠯᠴᠢᠷᠬᠠᠢ ᠪᠠ ᠦᠷ᠎ᠡ ᠶ᠋ᠢᠨ ᠴᠤᠯᠴᠠᠩ ᠤ᠋ᠨ ᠶᠠᠮᠠᠷ ᠨᠢᠭᠡ ᠡᠪᠡᠳᠴᠢᠨ ᠡᠮᠭᠡᠭ ᠲᠡᠢ ᠬᠣᠯᠪᠣᠭ᠎ᠠ ᠲᠠᠢ᠃ ᠭᠡᠲᠡᠯ᠎ᠡ ᠨᠥᠭᠦᠭᠡ ᠨᠢᠭᠡ ᠬᠡᠰᠡᠭ ᠦ᠋ᠨ ᠬᠢᠨᠢ ᠦᠷ᠎ᠡ ᠶ᠋ᠢᠨ ᠰᠤᠩ ᠶᠡᠬᠡ ᠰᠢᠩᠭᠡᠨ ᠪᠠᠢᠳᠠᠭ᠃ ᠡᠨᠡ ᠪᠣᠯ ᠦᠷ᠎ᠡ ᠶ᠋ᠢᠨ ᠰᠤᠩ ᠤ᠋ᠨ《ᠥᠳᠬᠡᠨ》 ᠢ᠋ ᠪᠦᠲᠦᠭᠡᠳᠡᠭ ᠲᠥᠮᠥᠰᠦᠭ ᠦ᠋ᠨ ᠦᠢᠯᠡ ᠠᠵᠢᠯᠯᠠᠭ᠎ᠠ ᠠᠯᠳᠠᠭᠳᠠᠭᠰᠠᠨ ᠬᠢ ᠲᠡᠭᠦᠨ ᠳ᠋ᠦ᠍ ᠡᠷ᠎ᠡ ᠪᠡᠯᠭᠡ ᠶ᠋ᠢᠨ ᠡᠰ ᠪᠠᠢᠬᠤ ᠦᠭᠡᠢ ᠪᠠᠢᠭ᠎ᠠ ᠶ᠋ᠢᠨ ᠬᠢ ᠶᠦᠮ᠃ ᠡᠢᠨᠬᠦ ᠦᠷ᠎ᠡ ᠶ᠋ᠢᠨ ᠰᠤᠩ ᠥᠳᠬᠡᠷᠡᠬᠦ᠂ ᠰᠢᠩᠭᠡᠷᠡᠬᠦ ᠨᠢ ᠡᠷᠡᠭᠲᠡᠢ ᠶ᠋ᠢᠨ ᠦᠷᠡᠭᠦᠢᠳᠡᠯ ᠢ᠋ ᠲᠠᠨᠢᠬᠤ ᠣᠨᠣᠰᠢ ᠶ᠋ᠢᠨ ᠠᠴᠢ ᠬᠣᠯᠪᠣᠭᠳᠠᠯ ᠲᠠᠢ᠃ ᠭᠡᠪᠡᠴᠦ ᠦᠷᠡᠭᠦᠢᠳᠡᠯ ᠵᠥᠪᠬᠡᠨ ᠡᠷᠡᠭᠲᠡᠢ ᠬᠥᠮᠦᠨ ᠡᠴᠡ ᠪᠤᠰᠤ ᠪᠠᠰᠠ ᠡᠮᠡᠭᠲᠡᠢ ᠡᠴᠡ ᠴᠦ᠍ ᠰᠢᠯᠲᠠᠭᠠᠯᠠᠨ᠎ᠠ᠃ ᠰᠤᠳᠤᠯᠤᠭᠴᠢᠳ ᠤ᠋ᠨ ᠪᠢᠴᠢᠭᠰᠡᠨ ᠢ᠋ᠶ᠋ᠡᠷ᠂ ᠦᠷᠡᠭᠦᠢᠳᠡᠯ ᠦ᠋ᠨ ᠰᠢᠯᠲᠠᠭᠠᠨ ᠤ᠋40% ᠨᠢ ᠡᠷᠡᠭᠲᠡᠢ ᠬᠥᠮᠦᠨ ᠡᠴᠡ᠂ ᠦᠯᠡᠳᠡᠭᠰᠡᠨ60% ᠨᠢ ᠡᠮᠡᠭᠲᠡᠢ ᠡᠴᠡ ᠪᠣᠯᠳᠠᠭ ᠠᠵᠠᠢ᠃ ᠡᠷ᠎ᠡ ᠪᠡᠯᠭᠡ ᠶ᠋ᠢᠨ ᠡᠷᠬᠡᠲᠡᠨ ᠨᠢ ᠬᠤᠷᠢᠴᠠᠯ ᠤ᠋ᠨ ᠦᠶ᠎ᠡ ᠳ᠋ᠦ᠍ ᠡᠷᠡᠭᠲᠡᠢ ᠬᠥᠮᠦᠨ ᠦ᠌ ᠪᠡᠶ᠎ᠡ ᠡᠴᠡ ᠭᠠᠷᠴᠤ ᠪᠣᠢ ᠦᠷ᠎ᠡ ᠶ᠋ᠢᠨ ᠰᠤᠩ ᠢ᠋ ᠡᠮᠡᠭᠲᠡᠢ ᠬᠥᠮᠦᠨ ᠦ᠌ ᠪᠡᠶ᠎ᠡ ᠳ᠋ᠦ᠍《ᠦᠷᠡᠭᠳᠡᠯ ᠬᠠᠶᠠᠭᠳᠠᠯ ᠦᠭᠡᠢ》 ᠬᠦᠷᠭᠡᠬᠦ ᠳ᠋ᠦ᠍ ᠴᠢᠭᠯᠡᠭᠰᠡᠨ ᠪᠦᠲᠦᠴᠡ᠂ ᠵᠣᠬᠢᠶᠠᠨ ᠪᠠᠢᠭᠤᠯᠤᠯᠲᠠ ᠲᠠᠢ ᠪᠠᠢᠳᠠᠭ ᠪᠥᠭᠡᠳ ᠡᠨᠡ ᠡᠭᠦᠷᠭᠡ ᠪᠣᠯ ᠪᠡᠯᠭᠡ ᠡᠷᠬᠡᠲᠡᠨ ᠦ᠌ ᠬᠥᠪᠴᠢᠷᠡᠯᠲᠡ ᠬᠠᠮᠤᠭ ᠤ᠋ᠨ ᠴᠢᠬᠤᠯᠠ ᠶᠤᠮ᠃ ᠬᠡᠷᠪᠡ ᠡᠷᠡᠭᠲᠡᠢ ᠶ᠋ᠢᠨ ᠪᠡᠯᠭᠡ ᠡᠷᠬᠡᠲᠡᠨ ᠬᠥᠪᠴᠢᠷᠡᠬᠦ ᠦᠭᠡᠢ ᠪᠣᠯ ᠦᠷ᠎ᠡ ᠶ᠋ᠢᠨ ᠰᠤᠩ《ᠬᠦᠷᠬᠦ ᠭᠠᠵᠠᠷ ᠢ᠋ᠶ᠋ᠠᠨ》 ᠲᠣᠷᠣᠯ ᠦᠭᠡᠢ ᠬᠦᠷᠴᠦ᠂ ᠤᠳᠤᠮ ᠤᠭᠰᠠᠭ᠎ᠠ ᠪᠠᠨ ᠵᠠᠯᠭᠠᠵᠤ ᠴᠢᠳᠠᠬᠤ ᠦᠭᠡᠢ ᠳ᠋ᠦ᠍ ᠬᠦᠷᠬᠦ ᠪᠢᠯᠡ᠃ ᠬᠡᠳᠦᠨ ᠬᠡᠦᠬᠡᠳ ᠲᠡᠢ ᠪᠣᠢ ᠭᠡᠳᠡᠭ ᠢ᠋ᠶ᠋ᠡᠷ ᠡᠷ᠎ᠡ ᠬᠥᠮᠦᠨ ᠦ᠌ ᠪᠡᠯᠭᠡ ᠶ᠋ᠢᠨ ᠴᠢᠳᠠᠪᠬᠢ(ᠴᠢᠯᠬ᠎ᠠ) ᠶ᠋ᠢ ᠬᠡᠮᠵᠢᠬᠦ ᠦᠭᠡᠢ᠃ ᠪᠡᠯᠭᠡ ᠶ᠋ᠢᠨ ᠴᠢᠳᠠᠪᠬᠢ ᠰᠠᠢᠲᠠᠢ ᠮᠥᠷᠲᠡᠭᠡᠨ ᠴᠥᠭᠡᠨ ᠬᠡᠦᠬᠡᠳ ᠲᠡᠢ᠂ ᠡᠰᠡᠬᠦᠯ᠎ᠡ ᠪᠡᠯᠭᠡ ᠶ᠋ᠢᠨ ᠴᠢᠳᠠᠪᠬᠢ ᠲᠠᠭᠠᠷᠠᠤ ᠠᠲᠠᠯ᠎ᠠ ᠣᠯᠠᠨ ᠬᠡᠦᠬᠡᠳ ᠲᠡᠢ ᠠᠢᠯ ᠵᠥᠩᠳᠡᠭᠡᠨ ᠯᠡ ᠪᠠᠢᠳᠠᠭ᠃ ᠲᠡᠭᠡᠬᠦ ᠳ᠋ᠡᠭᠡᠨ ᠯᠡ ᠨᠠᠰᠤ ᠠᠬᠢᠭᠠᠳ ᠢᠷᠡᠬᠦ ᠪᠡᠷ ᠵᠠᠯᠠᠭᠤ ᠶ᠋ᠢᠨ ᠬᠢ ᠰᠢᠭ ᠶᠠᠭᠤᠮ᠎ᠠ ᠬᠠᠮᠢᠭ᠎ᠠ ᠪᠠᠢᠬᠤᠪ᠃ ᠬᠡᠷᠡᠭ ᠲᠡᠢ ᠦᠶ᠎ᠡ ᠳ᠋ᠡᠭᠡᠨ ᠬᠡᠵᠢᠶᠡᠳᠡ ᠪᠡᠯᠡᠨ ᠪᠠᠢᠬᠤ ᠪᠠᠨ ᠪᠣᠯᠢᠵᠤ᠂ ᠬᠠᠨᠢ ᠠ᠋ᠴᠠ ᠪᠠᠨ ᠢᠯᠡᠭᠦᠦ ᠬᠠᠯᠠᠮᠵᠢ ᠠᠩᠬᠠᠷᠤᠯ᠂ ᠦᠢᠯᠡᠴᠢᠯᠡᠭᠡ ᠱᠠᠭᠠᠷᠳᠠᠵᠤ ᠡᠬᠢᠯᠡᠨ᠎ᠡ᠃ ᠬᠠᠷᠢᠨ ᠨᠢᠭᠡᠨᠲᠡ ᠬᠥᠪᠴᠢᠷᠡᠭᠰᠡᠨ ᠪᠣᠯ ᠬᠤᠷᠢᠴᠠᠯ ᠤ᠋ᠨ ᠦᠷᠭᠦᠯᠵᠢᠯᠡᠬᠦ ᠬᠤᠭᠤᠴᠠᠭ᠎ᠠ ᠵᠠᠯᠠᠭᠤ ᠬᠥᠮᠦᠨ ᠢ᠋ ᠪᠣᠳᠣᠪᠠᠯ ᠨᠡᠯᠢᠶᠡᠳ ᠤᠷᠲᠤᠰᠤᠨ᠎ᠠ᠃ ᠲᠤᠬᠠᠢᠯᠠᠪᠠᠯ᠂ ᠡᠷ᠎ᠡ ᠡᠮ᠎ᠡ ᠶ᠋ᠢᠨ ᠶᠣᠰᠣᠨ ᠰᠤᠳᠤᠯᠤᠭᠴᠢᠳ ᠤ᠋ᠨ ᠲᠣᠭᠲᠠᠭᠠᠭᠰᠠᠨ ᠢ᠋ᠶ᠋ᠠᠷ᠂ ᠵᠠᠯᠠᠭᠤ ᠬᠥᠮᠦᠨ50~60 ᠤᠳᠠᠭ᠎ᠠ ᠬᠠᠪᠢᠷᠬᠤ ᠬᠥᠳᠡᠯᠭᠡᠨ ᠬᠢᠭᠰᠡᠨ ᠦ᠌ ᠳᠠᠷᠠᠭ᠎ᠠ ᠦᠷ᠎ᠡ ᠶ᠋ᠢᠨ ᠰᠤᠩ ᠭᠠᠷᠴᠤ᠂ ᠳᠤᠷ᠎ᠠ ᠨᠢ ᠬᠠᠨᠳᠠᠭ ᠪᠣᠯ ᠡᠭᠦᠨ ᠡᠴᠡ ᠨᠠᠰᠤ ᠠᠬᠢᠬᠤ ᠶ᠋ᠢᠨ ᠬᠢᠷᠢ ᠪᠡᠷ ᠬᠤᠷᠢᠴᠠᠯ ᠤ᠋ᠨ ᠦᠷᠭᠦᠯᠵᠢᠯᠡᠬᠦ ᠬᠤᠭᠤᠴᠠᠭ᠎ᠠ ᠤᠷᠲᠤᠰᠤᠨ᠎ᠠ᠃ ᠡᠨᠡ ᠨᠢ ᠡᠮᠡᠭᠲᠡᠢ ᠬᠥᠮᠦᠨ ᠳ᠋ᠦ᠍ ᠢᠯᠡᠭᠦᠦ ᠲᠠᠭᠠᠯᠠᠮᠵᠢᠲᠠᠢ ᠴᠦ᠍ ᠪᠠᠢᠵᠤ ᠪᠣᠯᠬᠤ ᠶᠤᠮ᠃ ᠦᠷ᠎ᠡ ᠶ᠋ᠢᠨ ᠰᠤᠩ ᠭᠠᠳᠠᠭᠰᠢ ᠪᠠᠨ ᠰᠠᠴᠤᠭᠳᠠᠬᠤ ᠨᠢ ᠬᠥᠮᠦᠨ ᠦ᠌ ᠰᠠᠨᠠᠭ᠎ᠠ ᠵᠣᠷᠢᠭ ᠠᠴᠠ ᠦᠯᠦ ᠬᠠᠮᠢᠶᠠᠷᠬᠤ ᠦᠢᠯᠡᠳᠦᠯ ᠤᠴᠢᠷ ᠠ᠋ᠴᠠ ᠨᠢᠭᠡᠨᠲᠡ ᠡᠬᠢᠯᠡᠭᠰᠡᠨ ᠪᠣᠯ ᠲᠡᠭᠦᠨ ᠢ ᠳᠤᠷ᠎ᠠ ᠵᠣᠷᠢᠭ ᠢ᠋ᠶ᠋ᠠᠷ ᠢ᠋ᠶ᠋ᠠᠨ ᠵᠣᠭᠰᠣᠭᠠᠵᠤ ᠶᠠᠭᠠᠬᠢᠪᠠᠴᠤ ᠴᠢᠳᠠᠬᠤ ᠦᠭᠡᠢ᠃ ᠦᠷ᠎ᠡ ᠶ᠋ᠢᠨ ᠰᠤᠩ ᠭᠠᠷᠴᠤ᠂ ᠦᠷ᠎ᠡ ᠶ᠋ᠢᠨ ᠰᠩ ᠭᠠᠷᠴᠤ ᠳᠤᠷ᠎ᠠ ᠬᠠᠨᠤᠭᠰᠠᠨ ᠤ᠋ ᠳᠠᠷᠠᠭ᠎ᠠ ᠪᠡᠯᠭᠡ ᠶ᠋ᠢᠨ ᠰᠠᠷᠠᠯ ᠦᠭᠡᠢ ᠦᠶ᠎ᠡ ᠡᠬᠢᠯᠡᠨ᠎ᠡ᠃ ᠡᠨᠡ ᠦᠶ᠎ᠡ ᠶ᠋ᠢᠨ ᠦᠷᠭᠦᠯᠵᠢᠯᠡᠬᠦ ᠬᠤᠭᠤᠴᠠᠭ᠎ᠠ ᠨᠢ ᠡᠷ᠎ᠡ ᠪᠡᠯᠭᠡ ᠶ᠋ᠢᠨ ᠴᠢᠯᠬ᠎ᠠ ᠠ᠋ᠴᠠ ᠬᠠᠮᠢᠶᠠᠷᠤᠨ᠎ᠠ᠃ ᠪᠡᠯᠭᠡ ᠶ᠋ᠢᠨ ᠴᠢᠯᠬ᠎ᠠ ᠰᠠᠢᠲᠠᠢ ᠪᠠᠢᠬᠤ ᠲᠣᠰᠤᠮ《ᠠᠮᠢᠯᠠᠬᠤ》 ᠬᠤᠭᠤᠴᠠᠭ᠎ᠠ ᠪᠣᠭᠣᠨᠢ ᠪᠠᠢᠬᠤ ᠪᠣᠯᠪᠠᠴᠤ ᠨᠠᠰᠤᠨ ᠤ᠋ ᠡᠷᠬᠡ ᠪᠡᠷ ᠡᠨᠡ ᠬᠤᠭᠤᠴᠠᠭ᠎ᠠ ᠤᠷᠲᠤ ᠤᠳᠠᠭᠠᠨ ᠪᠠᠢᠬᠤ ᠨᠢ ᠠᠷᠭ᠎ᠠ ᠦᠭᠡᠢ ᠶᠦᠮ᠃ ᠨᠥᠭᠥᠭᠡᠲᠡᠭᠡᠭᠦᠷ᠂ ᠨᠡᠯᠢᠶᠡᠳ ᠬᠡᠳᠦ ᠬᠣᠨᠣᠭ ᠰᠠᠢᠬᠠᠨ ᠠᠮᠠᠷᠠᠵᠤ᠂ ᠰᠠᠢᠨ ᠬᠣᠭᠣᠯᠠ ᠴᠠᠢ᠂ ᠢᠳᠡᠵᠦ᠂ ᠤᠤᠭᠤᠵᠤ ᠪᠠᠢᠵᠤ ᠰᠠᠶᠢ ᠠᠯᠵᠢᠶᠠᠯ ᠪᠦᠷᠢᠨ ᠲᠠᠢᠯᠤᠭᠳᠠᠨ᠎ᠠ᠃ ᠶᠠᠭᠠᠬᠢᠭᠠᠳ ᠭᠡᠪᠡᠯ ᠬᠤᠷᠢᠴᠠᠯ ᠪᠣᠯ ᠪᠡᠶ᠎ᠡ ᠮᠬᠠᠨᠪᠤᠳ ᠲᠤ᠌ ᠶᠡᠬᠡᠬᠡᠨ ᠠᠴᠢᠶᠠᠯᠠᠯ ᠦᠵᠡᠭᠦᠯᠦᠨ᠎ᠡ᠃ ᠡᠷ᠎ᠡ ᠡᠮ᠎ᠡ ᠶ᠋ᠢᠨ ᠶᠣᠰᠣᠨ ᠰᠤᠳᠤᠯᠤᠭᠴᠢᠳ ᠤ᠋ᠨ ᠲᠣᠭᠲᠠᠭᠠᠭᠰᠠᠨ ᠢ᠋ᠶ᠋ᠠᠷ᠂ ᠨᠢᠭᠡ ᠤᠳᠠᠭ᠎ᠠ ᠶ᠋ᠢᠨ ᠬᠤᠷᠢᠴᠠᠯ ᠤ᠋ᠨ ᠦᠢᠯᠡᠳᠦᠯ ᠳ᠋ᠦ᠍ ᠪᠡᠶ᠎ᠡ ᠶ᠋ᠢᠨ ᠬᠦᠴᠦᠨ ᠦ᠌ ᠬᠦᠨᠳᠦ ᠬᠦᠴᠢᠷ ᠠᠵᠢᠯ ᠬᠢᠭᠰᠡᠨ ᠲᠡᠢ ᠲᠡᠩᠴᠡᠬᠦᠢᠴᠡ ᠬᠡᠮᠵᠢᠶᠡᠨ ᠦ᠌(3000—5000 ᠺᠠᠯᠣᠷᠢ) ᠡᠷᠴᠢ ᠬᠦᠴᠦ ᠵᠠᠷᠤᠴᠠᠭᠤᠯᠳᠠᠭ ᠪᠠᠢᠨ᠎ᠠ᠃ ᠡᠢᠮᠦ ᠬᠡᠮᠵᠢᠶᠡᠨ ᠦ᠌ ᠡᠷᠴᠢ ᠬᠦᠴᠦ ᠭᠡᠳᠡᠭ ᠪᠣᠯ ᠪᠣᠺᠰᠴᠢᠨ ᠭᠤᠷᠪᠠᠨ ᠡᠭᠡᠯᠵᠢ ᠳ᠋ᠦ᠍ ᠲᠣᠭᠯᠠᠵᠤ᠂ ᠡᠰᠡᠬᠦᠯ᠎ᠡ ᠪᠦᠲᠦᠨ ᠡᠳᠦᠷᠵᠢᠨ ᠭᠠᠵᠠᠷ ᠭᠢᠰᠬᠢᠨ ᠬᠠᠭᠠᠯᠤᠭᠰᠠᠨ ᠲᠠᠢ ᠲᠡᠩᠴᠡᠬᠦ ᠬᠦᠴᠦ ᠶᠦᠮ᠃ 
       ᠵᠠᠯᠠᠭᠤ ᠬᠥᠮᠦᠨ ᠠᠯᠳᠠᠭᠰᠠᠨ ᠡᠷᠴᠢ ᠬᠦᠴᠦ ᠪᠡᠨ ᠨᠢᠭᠡ ᠰᠠᠢᠨ ᠨᠣᠢᠷ ᠠᠪᠤᠭᠠᠳ ᠯᠠ ᠨᠥᠬᠥᠴᠢᠬᠡᠨ᠎ᠡ᠃ ᠲᠡᠭᠡᠪᠡᠯ ᠨᠠᠰᠤ ᠠᠬᠢᠭᠰᠠᠨ ᠬᠥᠮᠦᠨ ᠳ᠋ᠦ᠍ ᠪᠥᠬᠡ ᠤᠨᠲᠠᠵᠤ ᠠᠮᠠᠷᠠᠬᠤ ᠠ᠋ᠴᠠ ᠭᠠᠳᠠᠨ᠎ᠠ ᠰᠠᠢᠨ ᠬᠣᠭᠣᠯᠠ᠂ ᠰᠠᠢᠨ ᠴᠠᠢ ᠪᠠᠷ ᠰᠡᠷᠭᠦᠨ᠎ᠡ᠃ ᠬᠤᠷᠢᠴᠠᠯ ᠪᠣᠯ ᠬᠥᠮᠦᠨ ᠦ᠌ ᠪᠡᠶ᠎ᠡ ᠮᠠᠬᠠᠪᠣᠳ ᠤ᠋ᠨ ᠵᠥᠪᠬᠡᠨ ᠪᠡᠯᠭᠡ ᠶ᠋ᠢᠨ ᠲᠣᠭᠲᠠᠯᠴᠠᠭ᠎ᠠ ᠶ᠋ᠢ ᠬᠥᠨᠳᠡᠳᠡᠭ ᠦᠢᠯᠡᠳᠦᠯ ᠬᠠᠷᠠᠬᠠᠨ ᠪᠢᠰᠢ ᠠ᠋᠃ ᠬᠤᠷᠢᠴᠠᠯ ᠤ᠋ᠨ ᠦᠶ᠎ᠡ ᠳ᠋ᠦ᠍ ᠴᠢᠰᠤᠨ ᠳᠠᠷᠤᠯᠲᠠ200—220 ᠪᠣᠯᠲᠠᠯ᠎ᠠ ᠨᠡᠮᠡᠭᠳᠡᠵᠦ᠂ ᠨᠢᠭᠡ ᠮᠢᠨᠦ᠋ᠲ ᠴᠣᠬᠢᠯᠠᠬᠤ ᠰᠤᠳᠠᠰᠤᠨ ᠤ᠋ ᠯᠤᠭᠰᠢᠯᠲᠠ175᠂ ᠠᠮᠢᠰᠬᠤᠯ ᠤ᠋ᠨ ᠲᠣᠭ᠎ᠠ40 ᠬᠦᠷᠦᠨ᠎ᠡ᠃ ᠡᠳᠡᠭᠡᠷ ᠨᠢ ᠬᠡᠪ ᠦ᠋ᠨ ᠬᠡᠮᠵᠢᠶ᠎ᠡ ᠡᠴᠡ ᠪᠠᠷᠤᠭ ᠬᠣᠶᠠᠷ ᠳᠠᠬᠢᠨ ᠶᠡᠬᠡ ᠲᠣᠭ᠎ᠠ ᠶᠤᠮ᠃ ᠭᠡᠪᠡᠴᠦ ᠳᠤᠷ᠎ᠠ ᠬᠠᠨᠵᠤ ᠪᠡᠶ᠎ᠡ ᠲᠠᠯᠪᠢᠭᠤᠷᠠᠭᠰᠠᠨ ᠤ᠋ ᠳᠠᠷᠠᠭ᠎ᠠ ᠲᠦᠳᠡᠬᠡᠨ ᠪᠤᠴᠠᠭᠠᠳ ᠤᠤᠯ ᠬᠠᠭᠤᠴᠢᠨ ᠤ᠋ ᠬᠡᠪ ᠲᠡᠭᠡᠨ ᠣᠷᠣᠳᠠᠭ ᠢ᠋ ᠡᠮᠦᠨ᠎ᠡ ᠥᠭᠦᠯᠡᠭᠰᠡᠨ ᠪᠢᠯᠡ᠃ ᠢᠩᠭᠢᠵᠦ ᠣᠬᠣᠷ ᠪᠣᠭᠣᠨᠢ ᠬᠤᠭᠤᠴᠠᠭᠠᠨ ᠳ᠋ᠤ᠌ ᠦᠷᠭᠦᠯᠵᠢᠯᠡᠬᠦ ᠳ᠋ᠡᠭᠡᠨ ᠪᠡᠶ᠎ᠡ ᠮᠠᠬᠠᠪᠣᠳ ᠤ᠋ᠨ ᠪᠦᠬᠦᠯᠢ ᠪᠦᠲᠦᠴᠡ᠂ ᠲᠣᠭᠲᠠᠯᠴᠠᠭ᠎ᠠ ᠳ᠋ᠤ᠌ ᠡᠢᠮᠦ ᠠᠰᠤᠷᠤ ᠶᠡᠬᠡ ᠥᠭᠡᠷᠡᠴᠢᠯᠡᠯᠲᠡ ᠣᠷᠣᠭᠤᠯᠳᠠᠭ ᠥᠭᠡᠷ᠎ᠡ ᠨᠢᠭᠡ ᠴᠦ᠍ ᠹᠢᠽᠢᠣᠯᠣᠭᠢ ᠶ᠋ᠢᠨ ᠦᠢᠯᠡᠳᠦᠯ ᠪᠠᠢᠬᠤ ᠦᠭᠡᠢ ᠭᠡᠬᠦ ᠳ᠋ᠦ᠍ ᠬᠡᠲᠦᠷᠡᠭᠦᠯᠦᠭᠰᠡᠨ ᠪᠣᠯᠬᠤ ᠦᠭᠡᠢ᠃ ᠵᠠᠯᠠᠭᠤ ᠬᠥᠮᠦᠨ ᠦ᠌ ᠴᠢᠰᠤᠨ ᠰᠤᠳᠠᠯ ᠤᠶᠠᠨ ᠬᠠᠳᠠᠨ᠂ ᠵᠢᠷᠦᠬᠡᠨ ᠦ᠌ ᠪᠤᠯᠴᠢᠩ ᠰᠠᠢᠨ ᠪᠠᠢᠳᠠᠭ ᠤᠴᠢᠷ ᠠ᠋ᠴᠠ ᠬᠤᠷᠢᠴᠠᠯ ᠤ᠋ᠨ ᠦᠶ᠎ᠡ ᠳ᠋ᠦ᠍ ᠪᠡᠶ᠎ᠡ ᠮᠠᠬᠠᠪᠣᠳ ᠲᠤ᠌ ᠭᠠᠷᠴᠤ ᠪᠠᠢᠭ᠎ᠠ ᠳᠡᠭᠡᠷᠡᠬᠢ ᠬᠣᠪᠣᠷ ᠥᠭᠡᠷᠡᠴᠢᠯᠡᠯᠲᠡ ᠳ᠋ᠦ᠍《ᠠᠵᠢᠷᠠᠬᠤ ᠦᠭᠡᠢ》᠃ ᠭᠡᠲᠡᠯ᠎ᠡ ᠳᠠᠷᠤᠯᠲᠠ ᠶᠡᠬᠡᠲᠡᠢ᠂ ᠵᠢᠷᠦᠬᠡᠨ ᠦ᠌ ᠲᠢᠲᠢᠮ ᠦ᠋ᠨ ᠰᠤᠳᠠᠰᠤᠨ ᠳᠤᠲᠠᠮᠠᠭᠰᠢᠯ ᠲᠠᠢ᠂ ᠠᠬᠢᠮᠠᠭ ᠨᠠᠰᠤᠨ ᠤ᠋ ᠬᠥᠮᠦᠨ ᠡᠭᠦᠨ ᠢ᠋ ᠲᠡᠰᠪᠦᠷᠢᠯᠡᠬᠦ ᠳ᠋ᠦ᠍ ᠠᠮᠠᠷ ᠦᠭᠡᠢ ᠲᠤᠯᠠ ᠪᠡᠶ᠎ᠡ ᠶ᠋ᠢᠨ ᠢ᠋ᠶ᠋ᠡᠨ ᠴᠢᠯᠬ᠎ᠠ ᠶ᠋ᠢ ᠪᠣᠳᠣᠯ ᠦᠭᠡᠢ ᠪᠡᠷ ᠢᠵᠢᠯᠢᠳᠦᠨ ᠳᠠᠰᠤᠭᠰᠠᠨ ᠬᠠᠨᠢ ᠠ᠋ᠴᠠ ᠪᠠᠨ ᠣᠨᠳᠣᠣ ᠪᠦᠰᠡᠭᠦᠢᠴᠦᠳ ᠲᠡᠢ《ᠦᠶᠡᠷᠬᠡᠪᠡᠯ》 ᠬᠠᠷᠢᠭᠤ ᠨᠢ ᠬᠦᠨᠳᠦ ᠲᠣᠰᠴᠤ ᠪᠣᠯᠤᠨ᠎ᠠ᠃ ᠡᠢᠮᠦ ᠭᠠᠰᠢᠭᠤᠨ ᠶᠠᠪᠤᠳᠠᠯ ᠮᠠᠨ ᠤ᠋ ᠳ᠋ᠤ᠌ ᠴᠦ᠍ ᠮᠡᠷ ᠰᠡᠷ ᠭᠠᠷᠤᠭᠰᠠᠨ ᠢ᠋ ᠨᠢᠭᠤᠬᠤ ᠶᠠᠭᠤᠨ᠃ ᠨᠠᠰᠤᠨ ᠤ᠋ ᠨᠠᠮᠤᠷ ᠲᠤ᠌ ᠪᠡᠯᠭᠡ ᠶ᠋ᠢᠨ ᠠᠮᠢᠳᠤᠷᠠᠯ ᠣᠯᠠᠨ᠂ ᠴᠥᠭᠡᠨ ᠪᠠᠢᠬᠤ ᠳ᠋ᠠᠭᠠᠨ ᠪᠢᠰᠢ᠂ ᠬᠠᠮᠤᠭ ᠤ᠋ᠨ ᠭᠣᠣᠯ ᠨᠢ ᠲᠣᠭᠲᠠᠮᠠᠯ ᠪᠠᠢᠬᠤ ᠨᠢ ᠴᠢᠬᠤᠯᠠ᠃ ᠲᠣᠭᠲᠠᠮᠠᠯ ᠪᠡᠯᠭᠡ ᠶ᠋ᠢᠨ ᠠᠮᠢᠳᠤᠷᠠᠯ ᠨᠢ ᠮᠡᠳᠡᠷᠡᠯ ᠴᠣᠴᠠᠷᠠᠭᠳᠠᠯ᠂ ᠠᠭᠤᠷ ᠬᠢᠯᠢᠩ ᠦ᠋ᠨ ᠠᠶᠤᠯ ᠠ᠋ᠴᠠ ᠠᠪᠤᠷᠠᠵᠤ᠂ ᠡᠷᠡᠭᠦᠯ ᠡᠩᠬᠡ ᠪᠠᠢᠬᠤ ᠳ᠋ᠤ᠌ ᠲᠤᠰᠠᠯᠠᠨ᠎ᠠ᠃ ᠪᠢᠳᠡ ᠥᠪᠡᠷᠰᠡᠳ ᠦ᠋ᠨ ᠰᠤᠳᠤᠯᠭᠠᠨ ᠳ᠋ᠤ᠌ ᠲᠤᠯᠭᠠᠭᠤᠷᠢᠯᠠᠨ45—50 ᠨᠠᠰᠤᠨ ᠳ᠋ᠤ᠌ ᠰᠠᠷ᠎ᠠ ᠳ᠋ᠤ᠌3 - 4 ᠤᠳᠠᠭ᠎ᠠ ᠣᠢᠷᠠᠳᠬᠤ ᠶ᠋ᠢ ᠬᠡᠪ ᠦ᠋ᠨ ᠭᠡᠵᠦ ᠦᠵᠡᠵᠦ ᠪᠠᠢᠭ᠎ᠠ ᠶᠤᠮ᠃ ᠰᠠᠷ᠎ᠠ ᠳ᠋ᠤ᠌1-2 ᠤᠳᠠᠭ᠎ᠠ ᠣᠢᠷᠠᠳᠬᠤ ᠶ᠋ᠢ ᠳᠡᠩᠳᠡᠭᠦᠦ ᠴᠥᠭᠡᠨ᠂ ᠬᠠᠷᠢᠨ ᠵᠢᠯ ᠳ᠋ᠦ᠍2-6 ᠤᠳᠠᠭ᠎ᠠ ᠣᠢᠷᠠᠳᠬᠤ ᠶ᠋ᠢ ᠪᠡᠯᠭᠡ ᠶ᠋ᠢᠨ ᠦᠢᠯᠡ ᠠᠵᠢᠯᠯᠠᠭ᠎ᠠ ᠲᠤᠩ ᠰᠤᠯᠠᠷᠠᠭᠰᠠᠨ ᠪᠠᠢᠨ᠎ᠠ ᠭᠡᠵᠦ ᠦᠵᠡᠨ᠎ᠡ᠃ ᠭᠡᠪᠡᠴᠦ ᠳᠡᠭᠡᠷᠡᠬᠢ ᠲᠣᠭ᠎ᠠ ᠪᠣᠯ ᠶᠡᠷᠦᠩᠬᠡᠢ ᠪᠠᠭᠴᠠᠭ᠎ᠠ ᠪᠣᠯᠬᠤ ᠠ᠋ᠴᠠ ᠪᠢᠰᠢ ᠵᠠᠪᠠᠯ ᠲᠡᠢᠮᠦ ᠪᠠᠢᠬᠤ ᠠᠯᠪᠠ ᠲᠠᠢ ᠪᠢᠰᠢ ᠶᠦᠮ᠃  
       ᠬᠡᠪᠯᠡᠯ ᠦ᠋ᠨ ᠲᠣᠭ᠎ᠠ ᠪᠠᠷᠢᠮᠲᠠ ᠪᠣᠯᠤᠨ ᠥᠪᠡᠷᠰᠡᠳ ᠦ᠋ᠨ ᠠᠵᠢᠭᠯᠠᠯᠲᠠ ᠶ᠋ᠢ ᠡᠰᠢ ᠦᠨᠳᠦᠰᠦ ᠪᠣᠯᠭᠠᠨ ᠬᠤᠷᠢᠴᠠᠯ ᠤ᠋ᠨ ᠲᠣᠭ᠎ᠠ ᠬᠡᠮᠵᠢᠶ᠎ᠡ ᠶ᠋ᠢ ᠪᠢᠳᠡ ᠳᠠᠷᠠᠭᠠᠬᠢ ᠪᠠᠢᠳᠠᠯ ᠢ᠋ᠶ᠋ᠠᠷ ᠲᠣᠭᠲᠠᠭᠠᠵᠤ ᠪᠠᠢᠨ᠎ᠠ᠃ ᠡᠭᠦᠨ ᠳ᠋ᠦ᠍᠄20—30 ᠨᠠᠰᠤᠨ ᠳ᠋ᠤ᠌ ᠳᠣᠯᠣᠭ᠎ᠠ ᠬᠣᠨᠣᠭ ᠲᠤ᠌2—3 ᠤᠳᠠᠭ᠎ᠠ᠂30—40 ᠨᠠᠰᠤᠨ ᠳ᠋ᠤ᠌ ᠳᠣᠯᠣᠭ᠎ᠠ ᠬᠣᠨᠣᠭ ᠲᠤ᠌2 ᠤᠳᠠᠭ᠎ᠠ᠂40—50 ᠨᠠᠰᠤᠨ ᠳ᠋ᠤ᠌ ᠳᠣᠯᠣᠭ᠎ᠠ ᠬᠣᠨᠣᠭ ᠲᠤ᠌ ᠨᠢᠭᠡ ᠤᠳᠠᠭ᠎ᠠ᠂50—60 ᠨᠠᠰᠤᠨ ᠳ᠋ᠤ᠌2—3 ᠳᠣᠯᠣᠭ᠎ᠠ ᠬᠣᠨᠣᠭ ᠲᠤ᠌ ᠨᠢᠭᠡ ᠤᠳᠠᠭ᠎ᠠ ᠣᠢᠷᠠᠳᠬᠤ ᠶ᠋ᠢ ᠬᠡᠪ ᠦ᠋ᠨ ᠭᠡᠵᠦ ᠦᠵᠡᠵᠦ ᠪᠠᠢᠨ᠎ᠠ᠃ ᠡᠨᠳᠡ ᠡᠴᠡ ᠦᠵᠡᠬᠦ ᠳ᠋ᠦ᠍᠂ ᠬᠤᠷᠢᠴᠠᠯ ᠤ᠋ᠨ ᠲᠣᠭ᠎ᠠ ᠬᠡᠮᠵᠢᠶᠡᠨ ᠳ᠋ᠦ᠍ ᠬᠥᠮᠦᠨ ᠦ᠌ ᠨᠠᠰᠤ ᠶᠡᠬᠡᠬᠡᠨ ᠨᠥᠯᠥᠭᠡᠯᠡᠵᠦ ᠪᠠᠢᠨ᠎ᠠ᠃ ᠭᠡᠪᠡᠴᠦ ᠬᠡᠷᠬᠢᠨ ᠶᠠᠭᠠᠬᠢᠨ ᠨᠥᠯᠥᠭᠡᠯᠡᠵᠦ ᠪᠣᠢ ᠶ᠋ᠢ ᠨᠠᠷᠢᠪᠴᠢᠯᠠᠨ ᠰᠤᠳᠤᠯᠬᠤ ᠳ᠋ᠤ᠌ ᠤᠷᠢᠳᠤ ᠡᠮᠦᠨ᠎ᠡ ᠦᠢᠯᠡᠳᠴᠦ ᠪᠠᠢᠭᠰᠠᠨ ᠬᠤᠷᠢᠴᠠᠯ ᠤ᠋ᠨ ᠲᠣᠭ᠎ᠠ ᠶ᠋ᠢ ᠣᠳᠣ ᠶ᠋ᠢᠨ ᠬᠢ ᠲᠡᠢ ᠵᠢᠱ᠌ᠢᠨ ᠦᠵᠡᠬᠦ ᠨᠢ ᠶᠡᠬᠡᠬᠡᠨ ᠠᠴᠢ ᠬᠣᠯᠪᠣᠭᠳᠠᠯ ᠲᠠᠢ᠃ ᠪᠠᠢᠭᠠᠯᠢ ᠶ᠋ᠢᠨ ᠵᠢᠮ᠎ᠡ ᠶᠣᠰᠣ ᠪᠠᠷ ᠪᠡᠶ᠎ᠡ ᠮᠠᠬᠠᠪᠣᠳ ᠬᠡᠪ ᠦ᠋ᠨ ᠥᠲᠡᠯᠵᠦ ᠪᠠᠢᠪᠠᠯ ᠬᠤᠷᠢᠴᠠᠯ ᠤ᠋ᠨ ᠲᠣᠭ᠎ᠠ ᠬᠡᠮᠵᠢᠶ᠎ᠡ ᠠᠭᠠᠵᠢᠮ ᠢ᠋ᠶ᠋ᠠᠷ ᠴᠥᠭᠡᠷᠡᠨ ᠴᠥᠭᠡᠷᠡᠵᠦ᠂ ᠡᠭᠦᠨ ᠢ᠋ ᠴᠡᠪᠡᠷᠰᠢᠵᠦ ᠪᠠᠢᠭ᠎ᠠ ᠡᠷᠡᠭᠲᠡᠢ ᠬᠥᠮᠦᠨ《ᠠᠷᠭ᠎ᠠ ᠦᠭᠡᠢ ᠨᠠᠰᠤᠨ ᠤ᠋ ᠬᠢ ᠶᠦᠮ ᠳᠡ》 ᠭᠡᠵᠦ ᠵᠦᠭᠡᠷ ᠬᠦᠯᠢᠶᠡᠵᠦ ᠠᠪᠤᠨ᠎ᠠ᠃ ᠲᠡᠭᠡᠪᠡᠯ ᠴᠡᠪᠡᠷᠰᠢᠬᠦ ᠦᠢᠯᠡ ᠶᠠᠪᠤᠴᠠ ᠬᠡᠪ ᠦ᠋ᠨ ᠪᠢᠰᠢ ᠶᠠᠪᠤᠭᠳᠠᠪᠠᠯ ᠬᠤᠷᠢᠴᠠᠯ ᠤ᠋ᠨ ᠲᠣᠭ᠎ᠠ ᠬᠡᠮᠵᠢᠶ᠎ᠡ ᠬᠡᠪ ᠭᠡᠨᠡᠳᠲᠡᠬᠡᠨ ᠪᠠᠭᠠᠰᠴᠤ᠂ ᠠᠨ ᠨᠢ ᠬᠥᠮᠦᠨ ᠦ᠌ ᠰᠡᠳᠬᠢᠯ ᠰᠠᠨᠠᠭᠠᠨ ᠳ᠋ᠤ᠌ ᠭᠦᠨᠵᠡᠭᠡᠢ ᠨᠥᠯᠥᠭᠡᠯᠡᠨ᠎ᠡ᠃ ᠡᠭᠦᠨ ᠦ᠌ ᠤᠯᠠᠮ ᠠ᠋ᠴᠠ᠂ ᠮᠡᠳᠡᠷᠡᠯ ᠴᠣᠴᠠᠷᠠᠭᠳᠠᠯ ᠤ᠋ᠨ ᠰᠢᠨᠵᠢ ᠲᠡᠮᠳᠡᠭ ᠲᠣᠳᠣ ᠢᠯᠡᠷᠡᠨ᠎ᠡ᠃ 
       ᠲᠥᠮᠥᠰᠦᠭ ᠦ᠋ᠨ ᠭᠦᠢᠴᠡᠳᠬᠡᠳᠡᠭ ᠨᠥᠭᠦᠭᠡ ᠨᠢᠭᠡ ᠡᠭᠦᠷᠭᠡ ᠪᠣᠯ ᠡᠷ᠎ᠡ ᠪᠡᠯᠭᠡ ᠶ᠋ᠢᠨ ᠳᠠᠭᠠᠭᠠᠪᠤᠷᠢ ᠢᠯᠭᠠᠷᠠᠭᠤᠯᠬᠤ ᠶᠠᠪᠤᠳᠠᠯ ᠪᠢᠯᠡ᠃ ᠪᠡᠯᠭᠡ ᠶ᠋ᠢᠨ ᠳᠠᠭᠠᠭᠠᠪᠤᠷᠢ ᠨᠢ ᠡᠷᠡᠭᠲᠡᠢ ᠶ᠋ᠢᠨ ᠰᠡᠳᠬᠢᠯ ᠵᠦᠢ᠂ ᠪᠡᠯᠭᠡ ᠶ᠋ᠢᠨ ᠴᠢᠯᠬ᠎ᠠ᠂ ᠬᠥᠮᠦᠨ ᠦ᠌ ᠣᠶᠤᠨ ᠰᠠᠨᠠᠭ᠎ᠠ ᠪᠣᠯᠤᠨ ᠲᠠᠷᠢᠬᠢᠨ ᠤ᠋ ᠪᠣᠷᠣ ᠭᠠᠳᠠᠷ ᠲᠤ᠌ ᠶᠡᠬᠡᠬᠡᠨ ᠨᠥᠯᠥᠭᠡᠯᠡᠨ᠎ᠡ᠃ ᠨᠠᠰᠤ ᠠᠬᠢᠬᠤ ᠶ᠋ᠢᠨ ᠬᠢᠷᠢ ᠪᠡᠷ ᠲᠡᠭᠦᠨ ᠦ᠌ ᠳᠠᠭᠠᠭᠠᠪᠤᠷᠢ ᠢᠯᠭᠠᠷᠠᠭᠤᠯᠬᠤ ᠦᠢᠯᠡ ᠠᠵᠢᠯᠯᠠᠭ᠎ᠠ ᠡᠷ᠎ᠡ ᠪᠡᠯᠭᠡ ᠶ᠋ᠢᠨ ᠡᠰ ᠪᠣᠯᠪᠠᠰᠤᠷᠠᠭᠤᠯᠬᠤ ᠡᠭᠦᠷᠭᠡ ᠡᠴᠡ ᠲᠦᠷᠦᠭᠦᠯᠡᠵᠦ ᠠᠯᠳᠠᠭᠳᠠᠨ᠎ᠠ᠃ ᠬᠠᠷᠢᠨ ᠡᠷ᠎ᠡ ᠪᠡᠯᠭᠡ ᠶ᠋ᠢᠨ ᠡᠰ ᠪᠣᠯᠪᠠᠰᠤᠷᠠᠭᠤᠯᠬᠤ ᠡᠭᠦᠷᠭᠡ ᠪᠡᠨ ᠨᠠᠰᠤᠨ ᠥᠨᠳᠥᠷ ᠭᠠᠷᠲᠠᠯ᠎ᠠ ᠬᠡᠪ ᠢ᠋ᠶ᠋ᠡᠷ ᠭᠦᠢᠴᠡᠳᠬᠡᠨ᠎ᠡ᠃ ᠡᠭᠦᠨ ᠦ᠌ ᠨᠢᠭᠡ ᠭᠡᠷᠡᠴᠢ ᠪᠣᠯ ᠵᠢᠷᠠ᠂ ᠳᠠᠯᠠ᠂ ᠨᠠᠶᠠ᠂ ᠶᠡᠷᠡ ᠭᠠᠷᠤᠭᠰᠠᠨ ᠥᠨᠳᠥᠷ ᠨᠠᠰᠤᠲᠠᠢ ᠬᠥᠮᠦᠨ ᠡᠴᠡ ᠬᠡᠦᠬᠡᠳ ᠭᠠᠷᠬᠤ ᠶᠠᠪᠤᠳᠠᠯ ᠶᠤᠮ᠃ ᠨᠠᠰᠤᠵᠢᠬᠤ ᠲᠣᠰᠤᠮ ᠪᠡᠯᠭᠡ ᠶ᠋ᠢᠨ ᠳᠠᠭᠠᠭᠠᠪᠤᠷᠢ ᠢᠯᠭᠠᠷᠠᠭᠤᠯᠤᠯᠲᠠ ᠪᠠᠭᠠᠰᠴᠤ᠂ ᠡᠨᠡ ᠨᠢ ᠲᠥᠪ ᠮᠡᠳᠡᠷᠡᠯ ᠦ᠋ᠨ ᠰᠢᠰᠲ᠋ᠧᠮ᠂ ᠪᠣᠳᠠᠰ ᠤ᠋ᠨ ᠰᠣᠯᠢᠯᠴᠠᠭᠠᠨ ᠳ᠋ᠤ᠌ ᠮᠠᠭᠤ ᠪᠠᠷ ᠨᠥᠯᠥᠭᠡᠯᠡᠬᠦ ᠡᠴᠡ ᠭᠠᠳᠠᠨ᠎ᠠ ᠲᠦᠷᠦᠭᠦᠦ ᠪᠤᠯᠴᠢᠷᠬᠠᠢ᠂ ᠦᠷ᠎ᠡ ᠶ᠋ᠢᠨ ᠴᠤᠯᠴᠠᠩ ᠵᠡᠷᠭᠡ ᠪᠡᠯᠭᠡ ᠶ᠋ᠢᠨ ᠲᠣᠭᠲᠠᠯᠴᠠᠭᠠᠨ ᠤ᠋ ᠪᠤᠯᠴᠢᠷᠬᠠᠢ ᠶ᠋ᠢᠨ ᠦᠢᠯᠡ ᠠᠵᠢᠯᠯᠠᠭ᠎ᠠ ᠶ᠋ᠢ ᠥᠭᠡᠷᠡᠴᠢᠯᠡᠨ᠎ᠡ᠃ ᠲᠦᠷᠦᠭᠦᠦ ᠪᠤᠯᠴᠢᠷᠬᠠᠢ ᠪᠣᠯ ᠬᠤᠷᠢᠴᠠᠯ ᠤ᠋ᠨ ᠠᠮᠢᠳᠤᠷᠠᠯ ᠬᠡᠪ ᠢ᠋ᠶ᠋ᠡᠷ ᠶᠠᠪᠤᠭᠳᠠᠬᠤ ᠳ᠋ᠤ᠌ ᠴᠢᠬᠤᠯᠠ ᠡᠭᠦᠷᠭᠡ ᠲᠡᠢ ᠪᠥᠭᠡᠳ ᠲᠡᠭᠦᠨ ᠡᠴᠡ ᠡᠷ᠎ᠡ ᠪᠡᠯᠭᠡ ᠡᠷᠬᠡᠲᠡᠨ ᠦ᠌ ᠬᠥᠪᠴᠢᠷᠡᠯᠲᠡ ᠪᠣᠯᠤᠨ ᠦᠷ᠎ᠡ ᠶ᠋ᠢᠨ ᠰᠤᠩ ᠭᠠᠷᠬᠤ ᠨᠢ ᠶᠡᠬᠡᠬᠡᠨ ᠰᠢᠯᠲᠠᠭᠠᠯᠠᠨ᠎ᠠ᠃ ᠲᠦᠷᠦᠭᠦᠦ ᠪᠤᠯᠴᠢᠷᠬᠠᠢ ᠪᠣᠯ ᠳᠠᠪᠤᠰᠠᠩ ᠤ᠋ᠨ ᠳᠣᠣᠷ᠎ᠠ᠂ ᠤᠮᠠᠳᠠᠭ᠂ ᠰᠢᠯᠤᠭᠤᠨ ᠭᠡᠳᠡᠰᠦ ᠬᠣᠶᠠᠷ ᠤ᠋ᠨ ᠬᠣᠭᠣᠷᠣᠨᠳᠣ ᠪᠠᠢᠷᠢᠯᠠᠭᠰᠠᠨ ᠮᠠᠨᠵᠢᠨ ᠬᠡᠯᠪᠡᠷᠢ ᠲᠡᠢ ᠡᠷᠬᠡᠲᠡᠨ ᠶᠦᠮ᠃ ᠲᠡᠷᠡ ᠪᠡᠷ ᠵᠥᠪᠬᠡᠨ ᠰᠦᠨ ᠲᠡᠵᠢᠭᠡᠯᠲᠡᠨ ᠳ᠋ᠦ᠍ ᠯᠡ ᠪᠠᠢᠬᠤ ᠠ᠋ᠴᠠ ᠪᠢᠰᠢ᠂ ᠳᠣᠣᠷᠠᠲᠤ ᠵᠡᠷᠭᠡ ᠶ᠋ᠢᠨ ᠠᠮᠢᠲᠠᠨ ᠳ᠋ᠤ᠌ ᠪᠠᠢᠳᠠᠭ ᠦᠭᠡᠢ ᠡᠴᠡ ᠪᠣᠳᠣᠭᠠᠳ ᠦᠵᠡᠪᠡᠯ ᠦᠷᠡᠵᠢᠯ ᠦ᠋ᠨ ᠦᠢᠯᠡ ᠠᠵᠢᠯᠯᠠᠭᠠᠨ ᠳ᠋ᠤ᠌ ᠶᠠᠮᠠᠷ ᠴᠢᠬᠤᠯᠠ ᠡᠭᠦᠷᠭᠡ ᠲᠡᠢ ᠪᠣᠯᠬᠤ ᠨᠢ ᠲᠣᠪ ᠲᠣᠳᠣᠷᠬᠠᠢ ᠪᠠᠢᠨ᠎ᠠ᠃ ᠲᠦᠷᠦᠭᠦᠦ ᠪᠤᠯᠴᠢᠷᠬᠠᠢ ᠳ᠋ᠤ᠌ ᠨᠠᠰᠤ ᠶ᠋ᠢ ᠳᠠᠭᠠᠨ ᠭᠠᠷᠴᠤ ᠢᠷᠡᠬᠦ ᠥᠭᠡᠷᠴᠢᠯᠡᠯᠲᠡ ᠶ᠋ᠢᠨ ᠲᠤᠬᠠᠢ ᠥᠭᠦᠯᠡᠬᠦ ᠶ᠋ᠢᠨ ᠲᠤᠯᠠᠳᠠ ᠲᠡᠭᠦᠨ ᠦ᠌ ᠭᠦᠢᠴᠡᠳᠬᠡᠬᠦ ᠡᠭᠦᠷᠭᠡ ᠶ᠋ᠢ ᠡᠷᠬᠡᠪᠰᠢ ᠲᠣᠪᠴᠢᠬᠠᠨ ᠴᠦ᠍ ᠠᠲᠤᠭᠠᠢ ᠲᠠᠨᠢᠯᠴᠠᠬᠤ ᠨᠢ ᠵᠦᠢᠲᠡᠢ᠃ ᠲᠦᠷᠦᠭᠦᠦ ᠪᠤᠯᠴᠢᠷᠬᠠᠢ ᠨᠢ ᠡᠷ᠎ᠡ ᠪᠡᠯᠭᠡ ᠶ᠋ᠢᠨ ᠡᠰ ᠠᠮᠢᠳᠤᠷᠠᠬᠤ ᠪᠣᠯᠤᠨ ᠲᠡᠭᠦᠨ ᠦ᠌ ᠦᠷ᠎ᠡ ᠲᠣᠭᠲᠠᠭᠠᠬᠤ ᠴᠢᠳᠠᠪᠤᠷᠢ ᠶ᠋ᠢ ᠰᠠᠢᠵᠢᠷᠠᠭᠤᠯᠬᠤ ᠲᠠᠭᠠᠯᠠᠮᠵᠢᠲᠠᠢ ᠨᠥᠬᠥᠴᠡᠯ ᠢ᠋ ᠪᠦᠷᠢᠳᠦᠭᠦᠯᠳᠡᠭ ᠣᠨᠴᠣᠭᠣᠢ ᠰᠢᠩᠭᠡᠨ ᠭᠠᠷᠭᠠᠨ᠎ᠠ᠃ ᠲᠡᠭᠦᠨ ᠡᠴᠡ ᠭᠠᠳᠠᠨ᠎ᠠ ᠴᠢᠰᠤᠨ ᠳ᠋ᠤ᠌ ᠪᠠᠰᠠ ᠳᠠᠭᠠᠭᠠᠪᠤᠷᠢ ᠢᠯᠭᠠᠷᠠᠭᠤᠯᠤᠨ᠎ᠠ᠃ ᠲᠦᠷᠦᠭᠦᠦ ᠪᠤᠯᠴᠢᠷᠬᠠᠢ ᠶ᠋ᠢᠨ ᠱᠦᠭᠦᠷᠡᠯ ᠨᠢ ᠦᠷ᠎ᠡ ᠶ᠋ᠢᠨ ᠰᠤᠩ ᠤ᠋ᠨ ᠶᠡᠬᠡᠩᠬᠢ ᠬᠡᠰᠡᠭ ᠢ᠋ ᠪᠦᠲᠦᠭᠡᠨ᠎ᠡ᠃ ᠲᠡᠢᠮᠦ ᠡᠴᠡ ᠦᠷ᠎ᠡ ᠶ᠋ᠢᠨ ᠰᠤᠩ ᠤ᠋ᠨ ᠬᠡᠮᠵᠢᠶ᠎ᠡ ᠶᠡᠬᠡᠰᠬᠦ᠂ ᠪᠠᠭᠠᠰᠬᠤ ᠨᠢ ᠲᠦᠷᠦᠭᠦᠦ ᠪᠤᠯᠴᠢᠷᠬᠠᠢ ᠶ᠋ᠢᠨ ᠪᠠ ᠦᠷ᠎ᠡ ᠶ᠋ᠢᠨ ᠴᠤᠯᠴᠠᠩ ᠤ᠋ᠨ ᠱᠦᠭᠦᠷᠡᠯ ᠡᠴᠡ ᠪᠣᠯᠤᠨ᠎ᠠ᠃ ᠪᠡᠯᠭᠡ ᠶ᠋ᠢᠨ ᠪᠣᠯᠤᠨ ᠥᠭᠡᠷ᠎ᠡ ᠶᠠᠮᠠᠷ ᠨᠢᠭᠡᠨ ᠰᠠᠲᠤᠯ ᠦᠭᠡᠢ᠂ ᠬᠡᠪ ᠦ᠋ᠨ ᠨᠥᠬᠥᠴᠡᠯ ᠳ᠋ᠦ᠍ ᠲᠦᠷᠦᠭᠦᠦ ᠪᠤᠯᠴᠢᠷᠬᠠᠢ ᠠ᠋ᠴᠠ ᠬᠣᠨᠣᠭ ᠲᠤ᠌0.5—2 ᠮᠢᠯᠢᠮᠧᠲ᠋ᠷ ᠱᠦᠭᠦᠷᠡᠯ ᠭᠠᠷᠭᠠᠬᠤ ᠪᠠ ᠲᠡᠭᠦᠨ ᠦ᠌ ᠥᠴᠦᠬᠡᠨ ᠬᠡᠰᠡᠭ ᠢ᠋ ᠰᠢᠭᠡᠰᠦ ᠲᠡᠢ ᠬᠠᠮᠲᠤ ᠭᠠᠳᠠᠭᠰᠢᠯᠠᠨ᠎ᠠ᠃ ᠲᠦᠷᠦᠭᠦᠦ ᠪᠤᠯᠴᠢᠷᠬᠠᠢ ᠶ᠋ᠢᠨ ᠱᠦᠭᠦᠷᠡᠯ ᠨᠢ ᠶᠠᠩᠵᠤ ᠪᠦᠷᠢ ᠶ᠋ᠢᠨ ᠣᠷᠭᠠᠨᠢᠭ(ᠤᠭᠤᠷᠠᠭ᠂ ᠨᠢᠲ᠋ᠷᠲ᠋᠂ ᠹᠷᠮᠸᠨᠲ᠂ ᠥᠭᠡᠬᠦ ᠲᠣᠰᠣ) ᠪᠣᠯᠤᠨ ᠣᠷᠭᠠᠨᠢᠭ ᠪᠢᠰᠢ(ᠨᠠᠲ᠋ᠷᠢ᠂ ᠺᠠᠯᠢ᠂ ᠺᠠᠯᠼ᠂ ᠾᠯᠣᠷ ᠪᠢᠺᠷᠹᠤᠨᠠᠲ᠂ ᠹᠣᠰᠹᠣᠷ ᠭᠡᠬᠦ ᠮᠡᠲᠦ) ᠪᠣᠳᠠᠰ ᠠᠭᠤᠯᠤᠨ᠎ᠠ᠃ ᠲᠡᠭᠡᠬᠦ ᠳ᠋ᠦ᠍ ᠲᠦᠷᠦᠭᠦᠦ ᠪᠤᠯᠴᠢᠷᠬᠠᠢ ᠶ᠋ᠢᠨ ᠱᠦᠭᠦᠷᠡᠯ ᠳ᠋ᠦ᠍ ᠨᠠᠲ᠋ᠷᠢ᠂ ᠺᠠᠯᠢ᠂ ᠺᠠᠯᠼ ᠨᠢ ᠴᠢᠰᠤᠨ ᠤ᠋ ᠰᠠᠢᠪᠠᠩ ᠳ᠋ᠤ᠌ ᠪᠠᠢᠳᠠᠭ ᠠ᠋ᠴᠠ ᠶᠡᠬᠡ ᠬᠡᠮᠵᠢᠶ᠎ᠡ ᠲᠡᠢ ᠪᠠᠢᠨ᠎ᠠ᠃ ᠨᠠᠰᠤ ᠠᠬᠢᠬᠤ ᠲᠣᠰᠤᠮ ᠬᠣᠯᠪᠣᠭᠴᠢ ᠡᠳ᠋ ᠤᠷᠭᠤᠭᠰᠠᠨ ᠠ᠋ᠴᠠ ᠲᠦᠷᠦᠭᠦᠦ ᠪᠤᠯᠴᠢᠷᠬᠠᠢ ᠲᠣᠮᠣᠷᠠᠳᠠᠭ ᠪᠥᠭᠡᠳ ᠡᠨᠡ ᠨᠢ ᠠᠬᠢᠮᠠᠭ ᠨᠠᠰᠤᠨ ᠤ᠋ ᠡᠷᠡᠴᠦᠳ ᠲᠦ᠍(50—60 ᠠ᠋ᠴᠠ ᠳᠡᠭᠡᠭᠰᠢ ᠨᠠᠰᠤᠨ ᠤ᠋) ᠬᠠᠮᠤᠭ ᠤ᠋ᠨ ᠡᠯᠪᠡᠭ ᠲᠣᠬᠢᠶᠠᠯᠳᠤᠳᠠᠭ ᠡᠪᠡᠳᠴᠢᠨ ᠦ᠌ ᠨᠢᠭᠡ ᠶᠦᠮ᠃ ᠲᠠᠪᠢ ᠠ᠋ᠴᠠ ᠳᠡᠭᠡᠭᠰᠢ ᠨᠠᠰᠤᠨ ᠤ᠋ ᠡᠷᠡᠴᠦᠳ ᠲᠦ᠍ ᠤᠷᠢᠳᠴᠢᠯᠠᠨ ᠰᠡᠷᠭᠡᠢᠯᠡᠬᠦ ᠦᠵᠡᠯᠭᠡ ᠬᠢᠬᠦ ᠳ᠋ᠦ᠍ ᠲᠡᠳᠡᠭᠡᠷ ᠦ᠋ᠨ10%—15% ᠳ᠋ᠤ᠌ ᠲᠦᠷᠦᠭᠦᠦ ᠪᠤᠯᠴᠢᠷᠬᠠᠢ ᠲᠣᠮᠣᠷᠠᠭᠰᠠᠨ ᠪᠠᠢᠳᠠᠭ ᠠᠵᠠᠢ᠃ ᠡᠭᠦᠨ ᠦ᠌ ᠤᠯᠠᠮ ᠠ᠋ᠴᠠ ᠲᠦᠷᠦᠭᠦᠦ ᠪᠤᠯᠴᠢᠷᠬᠠᠢ ᠶ᠋ᠢᠨ ᠱᠦᠭᠦᠷᠡᠯ ᠢᠯᠭᠠᠷᠠᠭᠤᠯᠬᠤ ᠦᠢᠯᠡ ᠠᠵᠢᠯᠯᠠᠭ᠎ᠠ ᠪᠠᠭᠤᠷᠠᠵᠤ᠂ ᠮᠡᠳᠡᠷᠡᠯ— ᠰᠡᠳᠬᠢᠴᠡ ᠶ᠋ᠢᠨ ᠬᠢᠮᠤᠷᠠᠯ ᠡᠭᠦᠰᠦᠨ᠎ᠡ᠃ ᠲᠤᠬᠠᠢᠯᠠᠪᠠᠯ᠂ ᠰᠡᠳᠬᠢᠯ ᠢ᠋ᠶ᠋ᠡᠷ ᠤᠨᠠᠬᠤ᠂ ᠮᠡᠳᠡᠷᠡᠯ ᠰᠤᠯᠠᠳᠠᠯ ᠤ᠋ᠨ ᠰᠢᠨᠵᠢ ᠲᠡᠮᠳᠡᠭ ᠢᠯᠡᠷᠡᠬᠦ᠂ ᠠᠮᠢᠰᠬᠤᠭᠠᠳᠠᠬᠤ᠂ ᠵᠢᠷᠦᠬᠡ ᠳᠡᠯᠡᠰᠬᠦ᠂ ᠵᠢᠷᠦᠬᠡ ᠪᠡᠷ ᠬᠠᠳᠬᠤᠬᠤ ᠵᠡᠷᠭᠡ ᠥᠭᠡᠷᠡᠴᠢᠯᠡᠯᠲᠡ ᠭᠠᠷᠤᠨ᠎ᠠ᠃ ᠡᠨᠡ ᠪᠦᠬᠦᠨ ᠲᠦᠷᠦᠭᠦᠦ ᠪᠤᠯᠴᠢᠷᠬᠠᠢ ᠶ᠋ᠢᠨ ᠪᠡᠶ᠎ᠡ ᠮᠠᠬᠠᠪᠣᠳ ᠲᠤ᠌ ᠴᠢᠬᠤᠯᠠ ᠡᠭᠦᠷᠭᠡ ᠭᠦᠢᠴᠡᠳᠬᠡᠳᠡᠭ ᠢ᠋ ᠢᠯᠡᠳᠬᠡᠨ ᠬᠠᠷᠠᠭᠤᠯᠬᠤ ᠤᠴᠢᠷ ᠠ᠋ᠴᠠ ᠵᠠᠷᠢᠮ ᠡᠷᠳᠡᠮᠲᠡᠨ ᠲᠡᠭᠦᠨ ᠢ᠋ ᠡᠷ᠎ᠡ ᠬᠥᠮᠦᠨ ᠦ᠌《ᠬᠣᠶᠠᠳᠠᠬᠢ ᠠᠮᠢᠨ ᠵᠢᠷᠦᠬᠡ》 ᠭᠡᠵᠦ ᠨᠡᠷᠡᠯᠡᠬᠦ ᠨᠢ ᠪᠣᠢ᠃ ᠲᠦᠷᠦᠭᠦᠦ ᠪᠤᠯᠴᠢᠷᠬᠠᠢ ᠲᠣᠮᠣᠷᠠᠭᠰᠠᠨ ᠠ᠋ᠴᠠ ᠰᠢᠭᠡᠰᠦ ᠬᠠᠭᠠᠭᠳᠠᠵᠤ᠂ ᠰᠢᠭᠡᠰᠦ ᠣᠢᠷ᠎ᠠ ᠣᠢᠷᠠᠬᠠᠨ ᠬᠦᠷᠬᠦ᠂ ᠳᠤᠲᠠᠭᠤ᠂ ᠤᠳᠠᠭᠠᠨ ᠰᠢᠭᠡᠬᠦ᠂ ᠰᠢᠭᠡᠰᠦ ᠬᠣᠯᠠ ᠰᠠᠴᠤᠭᠳᠠᠬᠤ ᠦᠭᠡᠢ᠂ ᠥᠯᠮᠡᠢ ᠳᠡᠭᠡᠷ᠎ᠡ ᠪᠡᠨ ᠰᠢᠭᠡᠬᠦ ᠵᠡᠷᠭᠡ ᠣᠯᠠᠨ ᠥᠭᠡᠷᠡᠴᠢᠯᠡᠯᠲᠡ ᠭᠠᠷᠤᠨ᠎ᠠ᠃ ᠲᠦᠷᠦᠭᠦᠦ ᠪᠤᠯᠴᠢᠷᠬᠠᠢ ᠶ᠋ᠢᠨ ᠱᠦᠭᠦᠷᠡᠯ ᠨᠢ ᠲᠥᠮᠥᠰᠦᠭ ᠦ᠋ᠨ ᠦᠢᠯᠡ ᠠᠵᠢᠯᠯᠠᠭᠠᠨ ᠳ᠋ᠤ᠌ ᠨᠥᠯᠥᠭᠡᠯᠡᠬᠦ ᠡᠴᠡ ᠭᠠᠳᠠᠨ᠎ᠠ ᠳᠣᠲᠣᠷ᠎ᠠ ᠡᠷᠬᠡᠲᠡᠨ ᠦ᠌ ᠦᠢᠯᠡ ᠠᠵᠢᠯᠯᠠᠭᠠᠨ ᠳ᠋ᠤ᠌ ᠴᠦ᠍ ᠪᠠᠰᠠ ᠨᠥᠯᠥᠭᠡ ᠦᠵᠡᠭᠦᠯᠦᠨ᠎ᠡ᠃ ᠢᠩᠭᠢᠬᠦᠯᠡᠷ ᠪᠡᠯᠭᠡ ᠶ᠋ᠢᠨ ᠲᠣᠭᠲᠠᠯᠴᠠᠭ᠎ᠠ ᠨᠢ ᠦᠯᠡᠮᠵᠢ ᠨᠠᠷᠢᠨ ᠪᠦᠲᠦᠴᠡ᠂ ᠵᠣᠬᠢᠶᠠᠨ ᠪᠠᠢᠭᠤᠯᠤᠯᠲᠠ ᠲᠠᠢ ᠦᠷ᠎ᠡ ᠤᠳᠤᠮ ᠢ᠋ᠶ᠋ᠠᠨ ᠦᠷᠭᠦᠯᠵᠢᠯᠡᠭᠦᠯᠦᠨ ᠦᠯᠡᠳᠡᠭᠡᠬᠦ ᠳ᠋ᠦ᠍ ᠦᠯᠡᠮᠵᠢ ᠴᠢᠬᠤᠯᠠ ᠡᠭᠦᠷᠭᠡ ᠭᠦᠢᠴᠡᠳᠬᠡᠨ᠎ᠡ᠃ ᠣᠯᠠᠨ ᠵᠢᠯ ᠦ᠋ᠨ ᠠᠮᠢᠳᠤᠷᠠᠯ ᠤ᠋ᠨ ᠨᠢᠭᠤᠷ ᠦᠵᠡᠭᠰᠡᠨ ᠪᠣᠯᠪᠠᠴᠤ ᠪᠡᠯᠭᠡ ᠡᠷᠬᠡᠲᠡᠨ ᠦ᠌ ᠪᠦᠲᠦᠴᠡ— ᠦᠢᠯᠡ ᠠᠵᠢᠯᠯᠠᠭ᠎ᠠ ᠶ᠋ᠢ ᠪᠠᠷᠤᠭᠲᠠᠢ ᠮᠡᠳᠡᠬᠦ ᠨᠢ ᠪᠢᠳᠡᠨ ᠦ᠌ ᠫᠷᠩᠲ᠋ᠢᠭ ᠲᠦ᠍ ᠴᠥᠭᠡᠨ ᠦᠭᠡᠢ ᠲᠠᠭᠠᠷᠠᠯᠳᠤᠬᠤ ᠶᠤᠮ᠃ ᠡᠢᠮᠦ ᠡᠴᠡ ᠪᠡᠯᠭᠡ ᠶ᠋ᠢᠨ ᠲᠣᠭᠲᠠᠯᠴᠠᠭ᠎ᠠ ᠶ᠋ᠢᠨ ᠲᠠᠯ᠎ᠠ ᠪᠠᠷ ᠡᠢᠨᠬᠦ ᠰᠤᠨᠵᠢᠷᠠᠭᠤ ᠤᠷᠲᠤ ᠥᠭᠦᠯᠡᠭᠰᠡᠨ ᠢ᠋ ᠲᠠ ᠪᠦᠬᠦᠨ ᠪᠣᠯᠭᠣᠭᠠᠨ᠎ᠠ ᠤᠤ! 
       ᠠᠬᠢᠮᠠᠭ ᠨᠠᠰᠤᠨ ᠤ᠋ ᠬᠥᠮᠦᠰ ᠦ᠋ᠨ ᠳᠣᠲᠣᠷ᠎ᠠ ᠰᠤᠳᠤᠯᠭᠠᠨ ᠬᠢᠵᠦ ᠦᠵᠡᠬᠦ ᠳ᠋ᠦ᠍《ᠡᠨᠡ ᠲᠠᠯ᠎ᠠ ᠶ᠋ᠢᠨ》 ᠰᠣᠨᠢᠷᠬᠠᠯ ᠶᠠᠭᠤᠨ ᠠ᠋ᠴᠠ ᠪᠣᠯᠵᠤ ᠡᠷᠲᠡ ᠮᠠᠭᠤᠳᠠᠳᠠᠭ ᠢ᠋ ᠯᠠᠪᠯᠠᠨ ᠠᠰᠠᠭᠤᠬᠤ ᠨᠢ ᠴᠥᠭᠡᠨ ᠦᠭᠡᠢ ᠪᠠᠢᠳᠠᠭ᠃ ᠡᠭᠦᠨ ᠦ᠌ ᠰᠢᠯᠲᠠᠭᠠᠨ ᠪᠣᠯ ᠠᠷᠢᠬᠢ᠂ ᠲᠠᠮᠠᠬᠢ ᠪᠠᠷ ᠠᠷᠢᠭᠤᠨ ᠪᠡᠶ᠎ᠡ ᠴᠣᠭᠴᠠᠰ ᠢ᠋ᠶ᠋ᠠᠨ ᠬᠣᠣᠷᠳᠠᠭᠤᠯᠠᠵᠤ᠂ ᠠᠮᠠᠷᠠᠭ ᠬᠠᠨᠢ᠂ ᠠᠯᠠᠭ ᠦᠷ᠎ᠡ ᠶ᠋ᠢᠨ ᠢ᠋ᠶ᠋ᠡᠨ ᠬᠠᠢᠷ᠎ᠠ ᠢᠪᠡᠭᠡᠯ ᠳ᠋ᠦ᠍ ᠳᠣᠯᠳᠣᠢᠳᠠᠵᠤ ᠭᠡᠷ ᠣᠷᠣᠨ ᠤ᠋ ᠬᠠᠷ᠎ᠠ ᠪᠣᠷᠣ ᠠᠵᠢᠯ ᠠ᠋ᠴᠠ ᠬᠥᠨᠳᠡᠢᠷᠡᠨ ᠬᠥᠳᠡᠯᠬᠦ ᠪᠡᠨ ᠪᠣᠯᠢᠵᠤ᠂ ᠭᠦᠵᠡᠭᠡᠯᠡᠬᠦ ᠶᠠᠪᠤᠳᠠᠯ ᠶᠤᠮ᠃ ᠡᠨᠡ《ᠳᠥᠷᠪᠡᠨ ᠪᠡᠷᠬᠡ》 ᠳᠡᠭᠡᠷ᠎ᠡ ᠡᠯᠳᠡᠪ ᠦ᠋ᠨ ᠡᠪᠡᠳᠴᠢᠨ ᠬᠠᠭᠤᠴᠢ᠂ ᠰᠡᠳᠬᠢᠯ ᠰᠠᠨᠠᠭᠠᠨ ᠤ᠋ ᠬᠢᠮᠤᠷᠠᠯ ᠨᠡᠮᠡᠭᠡᠰᠦ ᠪᠣᠯᠤᠨ᠎ᠠ᠃ ᠡᠮᠡᠭᠲᠡᠢ ᠶ᠋ᠢᠨ ᠪᠡᠯᠭᠡ ᠶ᠋ᠢᠨ ᠠᠮᠢᠳᠤᠷᠠᠯ ᠬᠡᠳᠦᠨ ᠨᠠᠰᠤᠨ ᠳ᠋ᠤ᠌ ᠴᠢᠭᠯᠡᠬᠦ ᠶ᠋ᠢ ᠬᠡᠯᠡᠬᠦ ᠳ᠋ᠦ᠍ ᠬᠡᠴᠡᠭᠦᠦ᠃ ᠤᠴᠢᠷ ᠨᠢ ᠲᠡᠷᠡ ᠡᠨᠡ ᠲᠠᠯ᠎ᠠ ᠶ᠋ᠢᠨ ᠠᠮᠢᠳᠤᠷᠠᠯ ᠳ᠋ᠤ᠌ ᠡᠷᠡᠭᠲᠡᠢ ᠬᠥᠮᠦᠨ ᠰᠢᠭ ᠲᠡᠭᠡᠲᠡᠯ᠎ᠡ ᠰᠢᠮᠡᠳᠡᠳᠡᠭ ᠦᠭᠡᠢ᠂ ᠡᠷ᠎ᠡ ᠨᠥᠬᠥᠷ ᠢ᠋ᠶ᠋ᠡᠨ ᠠᠶᠠᠯᠳᠤᠨ ᠳᠠᠭᠠᠳᠠᠭ᠃ ᠡᠮᠡᠭᠲᠡᠢ ᠬᠥᠮᠦᠨ45—50 ᠭᠠᠷᠤᠭᠠᠳ ᠴᠡᠪᠡᠷᠰᠢᠵᠦ ᠡᠬᠢᠯᠡᠳᠡᠭ ᠴᠦ᠍ ᠭᠡᠰᠡᠨ ᠪᠡᠯᠭᠡ ᠶ᠋ᠢᠨ ᠳᠤᠷ᠎ᠠ ᠲᠠᠴᠢᠶᠠᠯ ᠪᠠᠢᠳᠠᠭ ᠢ᠋ᠶ᠋ᠠᠷ ᠢ᠋ᠶ᠋ᠠᠨ ᠪᠠᠢᠨ᠎ᠠ᠃ ᠭᠡᠪᠡᠴᠦ ᠵᠠᠷᠢᠮ ᠡᠮᠡᠭᠲᠡᠢᠴᠦᠳ ᠡᠷ᠎ᠡ ᠨᠥᠬᠥᠷ ᠢ᠋ᠶ᠋ᠡᠨ《ᠬᠥᠭᠰᠢᠷᠡᠴᠢᠬᠡᠭᠡᠳ》 ᠭᠡᠵᠦ ᠬᠠᠵᠢᠭᠯᠠᠬᠤ ᠨᠢ ᠪᠠᠢᠳᠠᠭ ᠪᠣᠯᠤᠯᠲᠠᠢ᠃ ᠨᠠᠰᠤ ᠠᠬᠢᠭᠰᠠᠨ ᠴᠦ᠍ ᠡᠪᠦᠭᠡᠨ ᠴᠢᠨᠢ ᠬᠦᠰᠡᠭᠡᠳ ᠬᠦᠷᠦᠭᠡᠳ ᠢᠷᠡᠬᠦ ᠢᠷᠡᠭᠰᠡᠨ ᠦᠶ᠎ᠡ ᠳ᠋ᠦ᠍ ᠪᠢᠲᠡᠭᠡᠢ ᠭᠣᠮᠣᠳᠠᠭᠠᠭᠠᠷᠠᠢ᠃ ᠡᠷ᠎ᠡ ᠬᠥᠮᠦᠨ ᠦ᠌ ᠰᠡᠳᠬᠢᠯ ᠭᠣᠪᠢ ᠶ᠋ᠢᠨ ᠵᠠᠭ ᠰᠢᠭ᠋ ᠬᠠᠲᠠᠭᠤ ᠴᠦ᠍ ᠪᠠᠰᠠ ᠶᠡᠬᠡ ᠡᠮᠵᠡᠭᠬᠡᠨ ᠡᠳ᠋ ᠰᠢᠦ᠃ 
       ᠡᠮᠡᠭᠲᠡᠢ ᠬᠥᠮᠦᠨ ᠴᠡᠪᠡᠷᠰᠢᠨ᠎ᠡ ᠭᠡᠳᠡᠭ ᠪᠣᠯ ᠰᠠᠷ᠎ᠠ ᠶ᠋ᠢᠨ ᠲᠡᠮᠳᠡᠭ ᠲᠠᠲᠠᠷᠠᠵᠤ᠂ ᠬᠡᠦᠬᠡᠳ ᠭᠠᠷᠭᠠᠬᠤ ᠦᠭᠡᠢ ᠭᠡᠰᠡᠨ ᠦᠭᠡ ᠪᠣᠯᠬᠤ ᠠ᠋ᠴᠠ ᠪᠢᠰᠢ᠂ ᠪᠡᠯᠭᠡ ᠶ᠋ᠢᠨ ᠳᠤᠷ᠎ᠠ ᠲᠠᠴᠢᠶᠠᠯ ᠣᠭᠲᠣ ᠦᠭᠡᠢ ᠪᠣᠯᠴᠢᠬᠠᠨ᠎ᠠ ᠭᠡᠰᠡᠨ ᠬᠡᠷᠡᠭ ᠪᠢᠰᠢ ᠠ᠋᠃ ᠬᠠᠷᠢᠨ ᠴᠦ᠍ ᠵᠠᠷᠢᠮ ᠡᠮᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠴᠡᠪᠡᠷᠰᠢᠭᠰᠡᠨ ᠡᠴᠡ ᠬᠣᠢᠰᠢ ᠨᠢᠭᠡ ᠦᠶ᠎ᠡ ᠵᠠᠯᠠᠭᠤ ᠽᠠᠨᠳᠠᠨ ᠪᠠᠢᠬᠤ ᠠ᠋ᠴᠠ ᠴᠦ᠍ ᠶᠡᠬᠡᠰᠬᠦ ᠶᠠᠪᠤᠳᠠᠯ ᠪᠣᠢ᠃ ᠡᠨᠡ ᠨᠢᠭᠡ ᠲᠠᠯ᠎ᠠ ᠠ᠋ᠴᠠ᠂ ᠵᠠᠯᠠᠭᠤ ᠽᠠᠨᠳᠠᠨ ᠪᠠᠢᠬᠤ ᠳ᠋ᠤ᠌ ᠵᠢᠷᠮᠦᠰᠦᠨ ᠪᠣᠯᠴᠢᠬᠠᠪᠠᠯ ᠶᠠᠭᠠᠬᠢᠨ᠎ᠠ ᠭᠡᠰᠡᠨ ᠭᠡᠰᠡᠨ ᠮᠥᠩᠬᠡ ᠶ᠋ᠢᠨ ᠠᠢᠳᠠᠰ ᠲᠦᠭᠰᠢᠯ ᠠᠷᠤᠯᠠᠭᠰᠠᠨ ᠤ᠋ ᠬᠢ᠂ ᠨᠥᠭᠦᠭᠡ ᠲᠠᠯ᠎ᠠ ᠪᠠᠷ᠂ ᠰᠠᠷ᠎ᠠ ᠶ᠋ᠢᠨ ᠲᠡᠮᠳᠡᠭ ᠲᠠᠲᠠᠷᠠᠵᠤ᠂ ᠡᠮ᠎ᠡ ᠪᠡᠯᠭᠡ ᠶ᠋ᠢᠨ ᠳᠠᠭᠠᠭᠠᠪᠤᠷᠢ ᠢᠯᠭᠠᠷᠠᠬᠤ ᠪᠠᠨ ᠪᠣᠯᠢᠳᠠᠭ ᠴᠦ᠍ ᠭᠡᠰᠡᠨ ᠡᠷ᠎ᠡ ᠪᠡᠯᠭᠡ ᠶ᠋ᠢᠨ ᠳᠠᠭᠠᠭᠠᠪᠤᠷᠢ ᠨᠢ ᠪᠥᠭᠡᠷ᠎ᠡ ᠶ᠋ᠢᠨ ᠳᠡᠭᠡᠳᠦ ᠪᠤᠯᠴᠢᠷᠬᠠᠢ ᠳ᠋ᠤ᠌ ᠪᠣᠯᠪᠠᠰᠤᠷᠠᠭᠰᠠᠨ ᠬᠡᠪ ᠢ᠋ᠶ᠋ᠡᠷ ᠢ᠋ᠶ᠋ᠡᠨ ᠪᠠᠢᠳᠠᠭ ᠲᠠᠢ ᠬᠣᠯᠪᠣᠭ᠎ᠠ ᠲᠠᠢ᠃ ᠡᠢᠨᠬᠦ ᠡᠮᠡᠭᠲᠡᠢ ᠶ᠋ᠢᠨ ᠪᠡᠶ᠎ᠡ ᠮᠠᠬᠠᠪᠣᠳ ᠲᠤ᠌ ᠡᠷ᠎ᠡ ᠪᠡᠯᠭᠡ ᠶ᠋ᠢᠨ ᠳᠠᠭᠠᠭᠠᠪᠤᠷᠢ ᠢᠯᠡᠭᠦᠦ ᠶᠡᠬᠡᠰᠦᠨ᠎ᠡ(ᠳᠠᠪᠠᠮᠠᠭᠠᠢᠯᠠᠨ᠎ᠠ)᠃ ᠢᠩᠭᠢᠬᠦᠯᠡᠷ ᠲᠡᠭᠦᠨ ᠦ᠌ ᠪᠡᠯᠭᠡ ᠶ᠋ᠢᠨ ᠳᠤᠷ᠎ᠠ ᠲᠠᠴᠢᠶᠠᠯ ᠨᠡᠮᠡᠭᠳᠡᠨ᠎ᠡ᠃ ᠶᠠᠭᠠᠬᠢᠭᠠᠳ ᠭᠡᠪᠡᠯ ᠡᠷᠡᠭᠲᠡᠢ ᠬᠥᠮᠦᠨ ᠦ᠌ ᠪᠡᠯᠭᠡ ᠶ᠋ᠢᠨ ᠳᠤᠷ᠎ᠠ ᠲᠠᠴᠢᠶᠠᠯ ᠤ᠋ᠨ ᠡᠷᠴᠢᠮ ᠨᠢ ᠴᠢᠰᠤᠨ ᠳ᠋ᠠᠬᠢ ᠡᠮ᠎ᠡ ᠪᠡᠯᠭᠡ ᠶ᠋ᠢᠨ ᠳᠠᠭᠠᠭᠠᠪᠤᠷᠢ ᠶ᠋ᠢᠨ ᠬᠡᠮᠵᠢᠶ᠎ᠡ ᠡᠴᠡ ᠰᠢᠯᠲᠠᠭᠠᠯᠠᠳᠠᠭ ᠪᠣᠯ ᠡᠮᠡᠭᠲᠡᠢ ᠶ᠋ᠢᠨ ᠬᠢ ᠴᠢᠰᠤᠨ ᠳ᠋ᠠᠬᠢ ᠡᠷ᠎ᠡ ᠪᠡᠯᠭᠡ ᠶ᠋ᠢᠨ ᠳᠠᠭᠠᠭᠠᠪᠤᠷᠢ ᠶ᠋ᠢᠨ ᠬᠡᠮᠵᠢᠶ᠎ᠡ ᠡᠴᠡ ᠬᠠᠮᠢᠶᠠᠷᠳᠠᠭ᠃ ᠨᠠᠷᠠᠨ ᠤ᠋ ᠬᠣᠷᠸ᠎ᠠ ᠳ᠋ᠤ᠌ ᠠᠷᠭ᠎ᠠ ᠦᠭᠡᠢ ᠠᠮᠠᠷᠠᠭ ᠢ᠋ᠶ᠋ᠠᠨ ᠣᠯᠵᠤ᠂ ᠰᠠᠯᠬᠤ ᠶ᠋ᠢᠨ ᠠᠷᠭ᠎ᠠ ᠦᠭᠡᠢ ᠢᠵᠢᠯᠢᠳᠦᠨ ᠳᠠᠰᠤᠭᠰᠠᠨ ᠨᠠᠰᠤᠲᠠᠨ ᠪᠤᠭᠤᠷᠤᠯ ᠤ᠋ᠳ ᠲᠤ᠌ ᠬᠣᠷᠮᠣᠢ ᠶ᠋ᠢᠨ ᠶᠠᠪᠤᠳᠠᠯ ᠨᠢ ᠨᠠᠰᠤ ᠰᠡᠭᠦᠳᠡᠢ ᠥᠨᠳᠥᠷ ᠭᠠᠷᠤᠭᠰᠠᠨ ᠴᠦ᠍ ᠠᠴᠢ ᠬᠣᠯᠪᠣᠭᠳᠠᠯ ᠢ᠋ᠶ᠋ᠠᠨ ᠠᠯᠳᠠᠬᠤ ᠦᠭᠡᠢ᠃ ᠠᠵᠠ ᠵᠢᠷᠭᠠᠯ᠂ ᠪᠠᠶᠠᠷ ᠴᠡᠩᠭᠡᠯ ᠪᠡᠯᠭᠡᠯᠡᠭᠰᠡᠭᠡᠷ ᠪᠠᠢᠳᠠᠭ᠃ ᠬᠣᠶᠠᠷ ᠪᠡᠶ᠎ᠡ ᠡᠴᠡ ᠪᠡᠨ ᠡᠷᠲᠡ ᠬᠥᠨᠳᠡᠢᠷᠡᠭᠰᠡᠨ ᠡᠬᠡᠨᠡᠷ᠂ ᠨᠥᠬᠥᠷ ᠬᠣᠶᠠᠷ ᠬᠤᠷᠳᠤᠨ ᠥᠲᠡᠯᠵᠦ ᠪᠠᠢᠬᠤ ᠳ᠋ᠤ᠌ ᠤᠭᠤᠷᠠᠭ ᠤ᠋ᠨ ᠤᠯᠠᠭᠠᠨ ᠴᠠᠢ ᠪᠠᠨ ᠬᠤᠪᠢᠶᠠᠨ ᠤᠤᠭᠤᠵᠤ᠂ ᠵᠡᠷᠭᠡ ᠥᠲᠡᠯᠵᠦ ᠪᠠᠢᠭ᠎ᠠ ᠨᠠᠰᠤᠲᠠᠨ ᠪᠤᠭᠤᠷᠤᠯ ᠤ᠋ᠳ ᠤᠷᠲᠤ ᠨᠠᠰᠤᠯᠠᠭᠠᠳ ᠪᠠᠢᠬᠤ ᠨᠢ ᠴᠠᠭᠠᠨ᠎ᠠ ᠪᠠᠨ ᠨᠠᠷᠢᠨ ᠤᠴᠢᠷ ᠲᠠᠢ᠃ ᠢᠩᠭᠢᠬᠦᠯᠡᠷ ᠤᠷᠲᠤ ᠨᠠᠰᠤᠯᠠᠵᠤ᠂ ᠤᠳᠠᠭᠠᠨ ᠵᠢᠷᠭᠠᠬᠤ ᠳ᠋ᠤ᠌ ᠬᠠᠨᠢ ᠶ᠋ᠢᠨ ᠲᠦᠰᠢᠭ ᠬᠠᠮᠤᠭ ᠠ᠋ᠴᠠ ᠡᠷᠬᠢᠮ᠂ ᠬᠠᠩᠭᠠᠢ ᠰᠢᠭ᠋ ᠲᠦᠰᠢᠭ ᠲᠡᠢ ᠬᠠᠨᠢ ᠢᠵᠢᠯᠢ ᠲᠡᠢ ᠬᠥᠮᠦᠨ ᠤᠬᠢᠯᠠᠵᠤ᠂ ᠳᠠᠭᠤᠯᠠᠬᠤ ᠬᠣᠷᠸ᠎ᠠ ᠳ᠋ᠤ᠌ ᠠᠯᠵᠢᠶᠠᠬᠤ ᠦᠭᠡᠢ᠂ ᠰᠡᠳᠬᠢᠯ ᠠᠮᠤᠷ᠂ ᠨᠢᠷᠤᠭᠤ ᠲᠡᠨᠢᠭᠡᠷ ᠠᠯᠬᠤᠨ᠎ᠠ᠃