ᠡᠵᠢ ᠨᠤᠲᠤᠭ ᠬᠣᠶᠠᠷ ᠮᠢᠨᠢ -ᠨᠠᠰᠤᠨᠪᠠᠶᠠᠷ᠂ ᠵᠢᠷᠠᠨᠴᠡᠴᠡᠭEej nutag khoyor mini-Nasanbayar,Jarntsetseg Ээж нутаг хоёр минь-Насанбаяр,Жарнцэцэг
ᠡᠵᠢ ᠨᠤᠲᠤᠭ ᠬᠣᠶᠠᠷ ᠮᠢᠨᠢ
ᠦᠭᠡ᠄ ᠭᠦᠩᠭᠠᠷ
ᠠᠶ᠎ᠠ᠄ ᠲᠡᠮᠦᠷᠪᠠᠲᠤ
ᠳᠠᠭᠤᠴᠢᠨ᠄ ᠨᠠᠰᠤᠨᠪᠠᠶᠠᠷ᠂ ᠵᠢᠷᠠᠨᠴᠡᠴᠡᠭ
ᠦᠨᠢᠶᠡᠨ ᠵᠠᠯᠠᠨ ᠳᠡᠭᠡᠷ᠎ᠡ ᠰᠠᠭᠠᠯᠢ ᠪᠠᠨ ᠪᠠᠷᠢᠭᠰᠠᠨ
ᠡᠨᠡᠷᠢᠯᠲᠦ ᠡᠵᠢ ᠮᠢᠨᠢ ᠡᠷᠢᠭᠳᠡᠬᠦ ᠶᠤᠮ
ᠦᠯᠡᠮᠵᠢ ᠶ᠋ᠢᠨ ᠪᠤᠶᠠᠨ ᠢ᠋ᠶ᠋ᠠᠷ ᠢᠪᠡᠭᠡᠵᠦ ᠲᠡᠳᠬᠦᠭᠰᠡᠨ
ᠥᠪᠡᠷ ᠦ᠋ᠨ ᠨᠤᠲᠤᠭ ᠮᠢᠨᠢ ᠭᠣᠶᠣᠬᠠᠨ ᠳ᠋ᠠ
ᠡᠵᠢ ᠨᠤᠲᠤᠭ ᠬᠣᠶᠠᠷ ᠮᠢᠨᠢ
ᠡᠯᠪᠡᠭ ᠬᠠᠢᠷ᠎ᠠ ᠶ᠋ᠢᠨ ᠪᠦᠷᠢᠯᠸ᠎ᠠ ᠰᠢᠦ
ᠰᠠᠢᠷ ᠪᠦᠷᠢᠳᠦ ᠲᠡᠢ ᠨᠤᠲᠤᠭ ᠢ᠋ᠶ᠋ᠠᠨ ᠰᠠᠬᠢᠭᠰᠠᠨ
ᠰᠠᠷᠠᠨ ᠡᠵᠢ ᠮᠢᠨᠢ ᠰᠠᠨᠠᠭᠳᠠᠬᠤ ᠶᠤᠮ
ᠰᠠᠭᠠᠯᠢᠴᠢᠨ ᠠᠮᠢᠳᠤᠷᠠᠯ ᠢ᠋ᠶ᠋ᠠᠨ ᠴᠣᠭᠴᠠᠯᠠᠵᠤ ᠢᠷᠡᠭᠰᠡᠨ
ᠰᠠᠷᠠᠭᠤᠯ ᠨᠤᠲᠤᠭ ᠮᠢᠨᠢ ᠭᠣᠶᠣᠬᠠᠨ ᠳ᠋ᠠ
( ᠳᠠᠬᠢᠯᠲᠠ)
ᠪᠣᠭᠳᠠ ᠶ᠋ᠢᠨ ᠢᠪᠡᠭᠡᠯ ᠲᠡᠢ ᠭᠣᠯᠣᠮᠲᠠ ᠪᠠᠨ ᠮᠠᠨᠠᠭᠰᠠᠨ
ᠪᠤᠭᠤᠷᠤᠯ ᠡᠵᠢ ᠮᠢᠨᠢ ᠪᠣᠳᠣᠭᠳᠠᠬᠤ ᠶᠤᠮ
ᠪᠤᠮᠠᠨ ᠢᠷᠦᠭᠡᠯ ᠢ᠋ᠶ᠋ᠡᠨ ᠪᠤᠮᠪᠠᠯᠠᠵᠤ ᠡᠷᠭᠦᠭᠰᠡᠨ
ᠪᠣᠷᠣᠬᠠᠨ ᠨᠤᠲᠤᠭ ᠮᠢᠨᠢ ᠭᠣᠶᠣᠬᠠᠨ ᠳ᠋ᠠ
( ᠳᠠᠬᠢᠯᠲᠠ)
ᠳᠠᠯᠠᠩ ᠲᠣᠬᠣᠢ ᠲᠠᠢ ᠬᠥᠳᠡᠭᠡ ᠳ᠋ᠦ᠍ ᠪᠡᠨ ᠰᠠᠭᠤᠭᠰᠠᠨ
ᠳᠠᠭᠤᠴᠢᠨ ᠡᠵᠢ ᠮᠢᠨᠢ ᠳᠤᠷᠠᠰᠤᠭᠳᠠᠬᠤ ᠶᠤᠮ
ᠳᠠᠭᠤᠨ ᠳᠠᠭᠤᠨ ᠳ᠋ᠤ᠌ ᠪᠠᠨ ᠮᠥᠩᠬᠡᠷᠡᠵᠦ ᠦᠯᠡᠳᠡᠭᠰᠡᠨ
ᠲᠤᠤᠯᠢᠮ᠎ᠠ ᠨᠤᠲᠤᠭ ᠮᠢᠨᠢ ᠭᠣᠶᠣᠬᠠᠨ ᠳ᠋ᠠ
( ᠳᠠᠬᠢᠯᠲᠠ) ( ᠳᠠᠬᠢᠯᠲᠠ)
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
ᠬᠢᠨᠠᠭᠴᠢ᠄ ᠭᠦᠩᠭᠠᠷ