ᠳᠡᠭᠦᠦᠨᠡᠷ ᠮᠢᠨᠢ -ᠲᠦᠮᠡᠨ Tünar mini-TümenТүнар минь-Түмэн
ᠳᠡᠭᠦᠦᠨᠡᠷ ᠮᠢᠨᠢ
ᠦᠭᠡ᠂ ᠠᠶ᠎ᠠ᠄ ᠠᠯᠲᠠᠨᠱᠠ
ᠬᠥᠭᠵᠢᠮ ᠦ᠋ᠨ ᠨᠠᠢᠷᠠᠭᠤᠯᠤᠭᠴᠢ᠄ ᠬᠣᠩᠭᠣᠷ
ᠳᠠᠭᠤᠴᠢᠨ᠄ ᠲᠦᠮᠡᠨ
ᠰᠠᠭᠯᠠᠭᠠᠷ ᠽᠠᠨᠳᠠᠨ ᠮᠣᠳᠣᠨ ᠤ᠋
ᠰᠠᠯᠠᠭ᠎ᠠ ᠶ᠋ᠢ ᠨᠢ ᠲᠣᠭᠠᠯᠠᠪᠠᠯ ᠠᠷᠪᠢᠨ ᠪᠠᠢᠳᠠᠭ ᠰᠢᠦ
ᠰᠠᠢᠬᠠᠨ ᠵᠠᠩ ᠲᠠᠢ ᠳᠡᠭᠦᠦᠨᠡᠷ ᠮᠢᠨᠢ
ᠰᠠᠨᠠᠭ᠎ᠠ ᠰᠡᠳᠬᠢᠯ ᠨᠢ ᠴᠠᠢᠯᠭᠠᠨ ᠪᠠᠢᠳᠠᠭ ᠰᠢᠦ
ᠠᠯᠠᠭ ᠮᠣᠷᠢ ᠮᠢᠨᠢ ᠠᠯᠬᠤᠭ᠎ᠠ ᠰᠠᠢᠲᠠᠢ ᠰᠢᠦ
ᠠᠮᠠᠭᠠᠢ ᠶ᠋ᠢ ᠨᠢ ᠳᠠᠷᠤᠪᠠᠯ ᠲᠣᠭᠲᠠᠳᠠᠭ ᠰᠢᠦ
ᠠᠮᠢᠨ ᠬᠠᠢᠷᠠᠲᠠᠢ ᠳᠡᠭᠦᠦᠨᠡᠷ ᠮᠢᠨᠢ
ᠠᠬ᠎ᠠ ᠶ᠋ᠢ ᠪᠡᠨ ᠲᠣᠭᠣᠷᠢᠭᠠᠳ ᠬᠥᠭᠡᠷᠦᠯᠳᠦᠳᠡᠭ ᠰᠢᠦ
ᠲᠤᠩᠭᠠᠯᠠᠭ ᠨᠠᠭᠤᠷ ᠤ᠋ᠨ ᠤᠰᠤᠨ ᠳ᠋ᠤᠨᠢ
ᠲᠣᠭᠣᠷᠤᠤ ᠰᠢᠪᠠᠭᠤ ᠴᠤᠭᠯᠠᠷᠠᠳᠠᠭ ᠰᠢᠦ
ᠳᠣᠲᠣᠨᠣ ᠬᠠᠢᠷᠠᠲᠠᠢ ᠳᠡᠭᠦᠦᠨᠡᠷ ᠮᠢᠨᠢ
ᠲᠥᠷᠥᠯ ᠦ᠋ᠨ ᠢ᠋ᠶ᠋ᠡᠨ ᠡᠭᠦᠳᠡᠨ ᠳ᠋ᠦ᠍ᠨᠢ ᠴᠤᠭᠯᠠᠷᠠᠳᠠᠭ ᠰᠢᠦ
ᠠᠷᠪᠠᠨ ᠲᠠᠪᠤᠨ ᠤ᠋ ᠰᠠᠷᠠᠨ ᠨᠢ
ᠠᠭᠠᠷ ᠲᠩᠷᠢ ᠳ᠋ᠡᠭᠡᠨ ᠳ᠋ᠧᠩᠯᠦ ᠰᠢᠦ
ᠠᠪᠤ ᠡᠵᠢ ᠶ᠋ᠢᠨ ᠰᠤᠷᠭᠠᠯ ᠨᠢ
ᠠᠯᠤᠰ ᠤ᠋ᠨ ᠵᠠᠮ ᠳ᠋ᠠᠭᠠᠨ ᠳ᠋ᠧᠩᠯᠦ ᠰᠢᠦ
ᠠᠯᠤᠰ ᠤ᠋ᠨ ᠵᠠᠮ ᠳ᠋ᠠᠭᠠᠨ ᠳ᠋ᠧᠩᠯᠦ ᠰᠢᠦ
ᠠᠯᠤᠰ ᠤ᠋ᠨ ᠵᠠᠮ ᠳ᠋ᠠᠭᠠᠨ ᠳ᠋ᠧᠩᠯᠦ ᠰᠢᠦ
ᠦᠰᠦᠭ ᠠᠮᠢᠯᠠᠭᠤᠯᠵᠤ᠂ ᠬᠠᠲᠠᠭᠰᠠᠨ ᠨᠢ᠄ ᠰᠣᠳᠣ