ᠪᠦᠰᠡᠭᠦᠢ-ᠬᠤᠷᠳᠤ ᠬᠠᠮᠲᠤᠯᠢᠭБүсгүй-Хурд хамтлаг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠰᠡᠭᠦᠢ-ᠬᠤᠷᠳᠤ ᠬᠠᠮᠲᠤᠯᠢᠭБүсгүй-Хурд хамтлаг

ᠪᠦᠰᠡᠭᠦᠢ-ᠬᠤᠷᠳᠤ ᠬᠠᠮᠲᠤᠯᠢᠭБүсгүй-Хурд хамтлаг

ᠠᠩᠭᠢᠯᠠᠯ:ᠳᠠᠭᠤᠤ ᠬᠥᠭᠵᠢᠮ
2022-10-15

542

ᠪᠦᠰᠡᠭᠦᠢ

ᠡᠷᠬᠢᠯᠡᠭᠡᠳ ᠬᠠᠨᠤᠳᠠᠭ ᠦᠭᠡᠢ
ᠵᠢᠷᠦᠬᠡ ‍ᠶ᠋ᠢ ᠴᠢᠨᠢ ᠶᠠᠭᠠᠬᠢᠯᠲᠠᠢ
ᠡᠩᠬᠦᠷᠡᠢ ᠴᠠᠢᠯᠭᠠᠨ ᠪᠦᠰᠡᠭᠦᠢ ᠮᠢᠨᠢ
ᠡᠩᠭᠡᠷ ‍ᠦᠨ ᠴᠢᠨᠢ ᠦᠨᠦᠷ
ᠮᠠᠷᠲᠠᠵᠤ ᠴᠢᠳᠠᠮ᠎ᠠ ᠦᠭᠡᠢ
ᠡᠨᠡ ᠯᠡ ᠨᠠᠰᠤ ᠎ᠪᠠᠷ ‍ᠢᠶ᠋ᠠᠨ ᠪᠢ
ᠦᠭᠡᠢᠯᠡᠵᠦ ᠶᠠᠪᠤᠬᠤ ᠨᠢ ᠳ᠋ᠡ
ᠡ ᠳ᠋ᠡ ᠮᠢᠨᠦ ᠯᠡ ᠡᠩᠬᠦᠷᠡᠢ
ᠡᠶᠡᠯᠳᠡᠭ ᠳᠥᠯᠭᠡᠨ ᠪᠦᠰᠡᠭᠦᠢ ᠮᠢᠨᠢ
ᠳᠤᠲᠠᠭᠤ ᠣᠷᠬᠢᠬᠰᠠᠨ ᠵᠢᠷᠭᠠᠯ ‍ᠢᠶ᠋ᠠᠨ
ᠳᠠᠭᠤᠤ ᠪᠠᠷ ‍ᠢᠶ᠋ᠠᠨ ᠪᠢ ᠴᠢᠨᠢ
ᠨᠥᠬᠥᠵᠦ ᠶᠠᠪᠤᠬᠤ ᠨᠢ ᠳ᠋ᠡ

ᠠᠰᠬᠠᠷᠠᠭᠠᠳ ᠲᠣᠭᠲᠠᠳᠠᠭ ᠦᠭᠡᠢ
ᠨᠢᠯᠪᠤᠰᠤ ‍ᠶ᠋ᠢ ᠴᠢᠨᠢ ᠶᠠᠭᠠᠬᠢᠯᠲᠠᠢ
ᠠᠮᠢᠳᠤᠷᠠᠯ ᠳᠠᠭᠠᠭᠠᠭᠰᠠᠨ ᠪᠦᠰᠡᠭᠦᠢ ᠮᠢᠨᠢ
ᠠᠯᠬᠤᠭ᠎ᠠ ‍ᠶ᠋ᠢ ᠴᠢᠨᠢ ᠬᠦᠷᠲᠡᠯ᠎ᠡ
ᠮᠠᠷᠲᠠᠵᠤ ᠴᠢᠳᠠᠮ᠎ᠠ ᠦᠭᠡᠢ
ᠠᠷᠢᠭᠤᠬᠠᠨ ᠳᠤᠷᠠᠯᠠᠯ ‍ᠳᠤ ᠎ᠪᠠᠨ
ᠰᠢᠲᠠᠵᠤ ᠶᠠᠪᠤᠬᠤ ᠨᠢ ᠳ᠋ᠡ
ᠠᠢ ᠳ᠋ᠠ ᠮᠢᠨᠦ ᠯᠡ ᠡᠩᠬᠦᠷᠡᠢ
ᠠᠶᠠᠯᠭᠤ ᠪᠣᠯᠤᠭᠰᠠᠨ ᠪᠦᠰᠡᠭᠦᠢ ᠮᠢᠨᠢ
ᠠᠮᠰᠠᠭᠠᠳ ᠬᠠᠨᠤᠭ᠎ᠠ ᠦᠭᠡᠢ ᠵᠢᠷᠭᠠᠯ ‍ᠢᠶ᠋ᠠᠨ
ᠠᠶᠠᠯᠭᠤᠲᠤ ᠳᠠᠭᠤᠤ ᠎ᠪᠠᠷ ‍ᠢᠶ᠋ᠠᠨ
ᠨᠥᠬᠥᠵᠦ ᠶᠠᠪᠤᠬᠤ ᠨᠢ ᠳ᠋ᠡ

ᠬᠣᠷᠭᠣᠳᠠᠭᠠᠳ ᠬᠣᠯᠠᠳᠠᠳᠠᠭ ᠦᠭᠡᠢ
ᠵᠢᠷᠦᠬᠡ ‍ᠶ᠋ᠢ ᠮᠢᠨᠢ ᠶᠠᠭᠠᠬᠢᠯᠲᠠᠢ
ᠬᠣᠵᠢᠮᠳᠠᠵᠤ ᠢᠷᠡᠭᠰᠡᠨ ᠪᠦᠰᠡᠭᠦᠢ ᠮᠢᠨᠢ
ᠬᠠᠷᠠᠴᠠ ᠎ᠪᠠᠨ ᠬᠦᠷᠲᠡᠯ᠎ᠡ
ᠨᠢᠭᠤᠵᠤ ᠬᠠᠢᠷᠠᠯᠠᠭᠰᠠᠨ
ᠬᠠᠲᠠᠭᠤᠬᠠᠨ ᠲᠠᠪᠢᠯᠠᠩ ‍ᠳᠤ ᠎ᠪᠠᠨ
ᠭᠠᠩᠰᠠᠷᠠᠵᠤ ᠶᠠᠪᠤᠬᠤ ᠨᠢ ᠳ᠋ᠡ
ᠡ ᠳ᠋ᠡ ᠮᠢᠨᠦ ᠯᠡ ᠡᠩᠬᠦᠷᠡᠢ
ᠡᠶᠡᠯᠳᠡᠭ ᠳᠥᠯᠭᠡᠨ ᠪᠦᠰᠡᠭᠦᠢ ᠮᠢᠨᠢ
ᠳᠤᠲᠠᠭᠤ ᠣᠷᠬᠢᠬᠰᠠᠨ ᠵᠢᠷᠭᠠᠯ ‍ᠢᠶ᠋ᠠᠨ
ᠳᠠᠭᠤᠤ ᠪᠠᠷ ‍ᠢᠶ᠋ᠠᠨ ᠪᠢ ᠴᠢᠨᠢ
ᠨᠥᠬᠥᠵᠦ ᠶᠠᠪᠤᠬᠤ ᠨᠢ ᠳ᠋ᠡ
ᠠᠢ ᠳ᠋ᠠ ᠮᠢᠨᠦ ᠯᠡ ᠡᠩᠬᠦᠷᠡᠢ
ᠠᠶᠠᠯᠭᠤ ᠪᠣᠯᠤᠭᠰᠠᠨ ᠪᠦᠰᠡᠭᠦᠢ ᠮᠢᠨᠢ
ᠠᠮᠰᠠᠭᠠᠳ ᠬᠠᠨᠤᠭ᠎ᠠ ᠦᠭᠡᠢ ᠵᠢᠷᠭᠠᠯ ‍ᠢᠶ᠋ᠠᠨ
ᠠᠶᠠᠯᠭᠤᠲᠤ ᠳᠠᠭᠤᠤ ᠎ᠪᠠᠷ ‍ᠢᠶ᠋ᠠᠨ
ᠨᠥᠬᠥᠵᠦ ᠶᠠᠪᠤᠬᠤ ᠨᠢ ᠳ᠋ᠡ