ᠨᠠᠮᠤᠷ ᠤ᠋ᠨ ᠳᠤᠷᠠᠰᠤᠯ -ᠮᠡᠷᠭᠡᠨᠪᠠᠭᠠᠲᠤᠷ Namryn dursal-MergenbaatarНамрын дурсал-Мэргэнбаатар
ᠨᠠᠮᠤᠷ ᠤ᠋ᠨ ᠳᠤᠷᠠᠰᠤᠯ
ᠦᠭᠡ᠄ ᠨᠠᠪᠴᠢᠨᠴᠡᠴᠡᠭ
ᠠᠶ᠎ᠠ᠄ ᠷᠠᠸᠠᠳᠢ
ᠳᠠᠭᠤᠴᠢᠨ᠄ ᠮᠡᠷᠭᠡᠨᠪᠠᠭᠠᠲᠤᠷ
ᠨᠠᠮᠤᠷ ᠤ᠋ᠨ ᠰᠠᠯᠬᠢᠨ ᠰᠡᠩᠭᠢᠨᠡᠬᠦᠯᠡᠷ
ᠨᠠᠳᠠ ᠳ᠋ᠠᠭᠠᠨ ᠴᠢ ᠮᠢᠨᠢ ᠪᠣᠳᠣᠭᠳᠠᠭᠠᠳ ᠪᠠᠢᠬᠤ ᠶᠤᠮ
ᠨᠠᠮ᠎ᠠ ᠶ᠋ᠢ ᠪᠡᠨ ᠴᠢ ᠮᠢᠨᠢ ᠬᠠᠶᠠᠭᠠᠳ ᠶᠠᠪᠤᠭᠰᠠᠨ ᠴᠤ᠌
ᠴᠢᠮ᠎ᠠ ᠶ᠋ᠢ ᠪᠡᠨ ᠪᠢ ᠴᠢᠨᠢ ᠦᠭᠡᠢᠯᠡᠭᠡᠳ ᠪᠠᠢᠬᠤ ᠶᠤᠮ ᠠ᠋
ᠵᠠ ᠬᠦ᠂ ᠵᠠ ᠬᠦ
ᠴᠢᠮ᠎ᠠ ᠶ᠋ᠢ ᠪᠡᠨ ᠪᠢ ᠴᠢᠨᠢ ᠦᠭᠡᠢᠯᠡᠭᠡᠳ ᠪᠠᠢᠬᠤ ᠶᠤᠮ
ᠬᠣᠯᠠ ᠶ᠋ᠢᠨ ᠨᠤᠲᠤᠭ ᠲᠠᠭᠠᠨ ᠪᠤᠴᠠᠭᠰᠠᠨ
ᠬᠤᠨ ᠰᠢᠭ᠋ ᠴᠢ ᠮᠢᠨᠢ ᠶᠠᠪᠤᠴᠢᠬᠠᠯ᠎ᠠ
ᠬᠣᠲᠠᠨ ᠳ᠋ᠠᠭᠠᠨ ᠡᠷᠭᠢᠭᠡᠳ ᠮᠠᠢᠯᠠᠭᠰᠠᠨ
ᠬᠣᠨᠢ ᠰᠢᠭ᠋ ᠪᠢ ᠴᠢᠨᠢ ᠬᠣᠴᠣᠷᠤᠯ᠎ᠠ
ᠵᠠ ᠬᠦ᠂ ᠵᠠ ᠬᠦ
ᠬᠣᠨᠢ ᠰᠢᠭ᠋ ᠪᠢ ᠴᠢᠨᠢ ᠬᠣᠴᠣᠷᠤᠯ᠎ᠠ
ᠬᠤᠨ ᠰᠢᠪᠠᠭᠤ ᠨᠢ ᠪᠤᠴᠠᠭᠰᠠᠨ ᠴᠤ᠌
ᠬᠤᠯᠤᠰᠤᠲᠤ ᠨᠠᠭᠤᠷ ᠨᠢ ᠬᠣᠴᠣᠷᠤᠨ᠎ᠠ ᠳᠠ
ᠬᠥᠮᠦᠨ ᠦ᠌ ᠰᠡᠳᠬᠢᠯ ᠬᠤᠪᠢᠷᠠᠭᠰᠠᠨ ᠴᠤ᠌ ᠭᠡᠳ
ᠬᠣᠷᠸ᠎ᠠ ᠶᠠᠭᠤᠨ ᠳ᠋ᠠᠭᠠᠨ ᠭᠤᠨᠢᠷᠠᠨᠠ ᠳᠠ
ᠵᠠ ᠬᠦ᠂ ᠵᠠ ᠬᠦ
ᠬᠣᠷᠸ᠎ᠠ ᠶᠠᠭᠤᠨ ᠳ᠋ᠠᠭᠠᠨ ᠭᠤᠨᠢᠷᠠᠨᠠ ᠳᠠ
ᠰᠠᠭᠯᠠᠭᠠᠷ ᠮᠣᠳᠣ ᠨᠢ ᠰᠠᠵᠢᠯᠠᠭᠠᠳ ᠪᠠᠢᠨ᠎ᠠ
ᠰᠠᠯᠬᠢᠨ ᠵᠢᠪᠠᠷ ᠤ᠋ᠨ ᠤᠴᠢᠷ ᠶᠤᠮ ᠪᠠ ᠬᠦ
ᠰᠠᠨᠠᠭ᠎ᠠ ᠰᠡᠳᠬᠢᠯ ᠮᠢᠨᠢ ᠡᠩᠰᠡᠷᠡᠭᠡᠳ ᠪᠠᠢᠨ᠎ᠠ
ᠰᠠᠪᠠ ᠶᠢᠷᠲᠢᠨᠴᠦ ᠶ᠋ᠢᠨ ᠵᠢᠮ᠎ᠡ ᠯᠡ ᠶᠦᠮ ᠪᠠ ᠬᠦ
ᠵᠠ ᠬᠦ᠂ ᠵᠠ ᠬᠦ
ᠰᠠᠪᠠ ᠶᠢᠷᠲᠢᠨᠴᠦ ᠶ᠋ᠢᠨ ᠵᠢᠮ᠎ᠡ ᠯᠡ ᠶᠦᠮ ᠪᠠ ᠬᠦ
ᠰᠠᠪᠠ ᠶᠢᠷᠲᠢᠨᠴᠦ ᠶ᠋ᠢᠨ ᠵᠢᠮ᠎ᠡ ᠯᠡ ᠶᠦᠮ ᠪᠠ ᠬᠦ
ᠦᠰᠦᠭ ᠠᠮᠢᠯᠠᠭᠤᠯᠵᠤ᠂ ᠦᠰᠦᠭ ᠬᠠᠲᠠᠭᠰᠠᠨ ᠨᠢ᠄ ᠰᠣᠳᠣ