ᠡᠵᠢ ᠳ᠋ᠦ᠍  ᠪᠡᠨ ᠵᠣᠯᠭᠠᠶ᠎ᠠ -ᠤᠷᠭᠤᠮᠠᠯ Eejdee zolgoyo-UrgamalЭэждээ золгоё-Ургамал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠳ᠋ᠦ᠍  ᠪᠡᠨ ᠵᠣᠯᠭᠠᠶ᠎ᠠ -ᠤᠷᠭᠤᠮᠠᠯ Eejdee zolgoyo-UrgamalЭэждээ золгоё-Ургамал

ᠡᠵᠢ ᠳ᠋ᠦ᠍  ᠪᠡᠨ ᠵᠣᠯᠭᠠᠶ᠎ᠠ -ᠤᠷᠭᠤᠮᠠᠯ Eejdee zolgoyo-UrgamalЭэждээ золгоё-Ургамал

ᠠᠩᠭᠢᠯᠠᠯ:ᠳᠠᠭᠤᠤ ᠬᠥᠭᠵᠢᠮ
2025-10-06

2036

ᠡᠵᠢ ᠳ᠋ᠦ᠍  ᠪᠡᠨ ᠵᠣᠯᠭᠠᠶ᠎ᠠ

   ᠦᠭᠡ᠄ ᠭᠦᠩᠭᠠᠷ 
   ᠠᠶ᠎ᠠ᠄ ᠣᠶᠤᠨᠮᠥ᠋ᠷᠡᠨ 
   ᠳᠠᠭᠤᠴᠢᠨ᠄ ᠤᠷᠭᠤᠮᠠᠯ 

ᠠᠮᠢᠨ ᠬᠠᠢᠷᠠᠲᠠᠢ ᠡᠵᠢ ᠳ᠋ᠦ᠍ ᠪᠡᠨ ᠲᠣᠯᠣᠭᠠᠢ ᠮᠥᠷᠭᠥᠵᠦ ᠵᠣᠯᠭᠠᠶ᠎ᠠ 
ᠠᠭᠰᠢᠷᠠᠭ᠎ᠠ ᠪᠤᠭᠤᠷᠤᠯ ᠨᠠᠰᠤᠨ ᠳ᠋ᠤ᠌ ᠨᠢ ᠠᠰᠢᠳᠠ ᠣᠴᠢᠵᠤ ᠵᠣᠯᠭᠠᠶ᠎ᠠ 
ᠠᠯᠤᠩᠭᠤᠸ᠎ᠠ ᠰᠢᠭ᠋ ᠰᠤᠷᠭᠠᠯ ᠳ᠋ᠤ᠌ ᠨᠢ ᠬᠦᠨᠳᠦᠳᠬᠡᠯ ᠳᠡᠪᠰᠢᠭᠦᠯᠵᠦ ᠵᠣᠯᠭᠠᠶ᠎ᠠ 
ᠠᠯᠲᠠᠨ ᠰᠢᠭᠢᠳᠬᠡᠷᠢᠲᠦ ᠮᠠᠨᠤᠬᠤᠨ ᠬᠦᠬᠦᠷ ᠢ᠋ᠶ᠋ᠡᠷ ᠢ᠋ᠶ᠋ᠡᠨ ᠲᠠᠮᠠᠬᠢᠯᠠᠨ ᠲᠠᠮᠠᠬᠢᠯᠠᠨ ᠵᠣᠯᠭᠠᠶ᠎ᠠ 

ᠠᠢ ᠠᠢ ᠳ᠋ᠠ ᠬᠦ᠋ 
ᠬᠥᠭᠡᠷᠦᠬᠦᠢ ᠪᠤᠭᠤᠷᠤᠯ ᠡᠵᠢ ᠠ᠋ 
ᠠᠮᠢᠳᠤ ᠶ᠋ᠢᠨ ᠪᠤᠷᠬᠠᠨ ᠡᠵᠢ ᠳ᠋ᠦ᠍ ᠪᠡᠨ 
ᠨᠠᠮᠠᠨᠴᠢᠯᠠᠨ ᠮᠥᠷᠭᠥᠵᠦ ᠵᠣᠯᠭᠠᠶ᠎ᠠ ᠳ᠋ᠠ 

ᠭᠠᠯᠪᠠ ᠳ᠋ᠤ᠌ ᠭᠠᠭᠴᠠᠬᠠᠨ ᠡᠵᠢ ᠳ᠋ᠦ᠍ ᠪᠡᠨ ᠬᠤᠲᠤᠭ ᠨᠡᠮᠡᠷᠢᠯᠡᠵᠦ ᠵᠣᠯᠭᠠᠶ᠎ᠠ
ᠭᠠᠵᠢᠷᠠᠲᠠᠯ᠎ᠠ ᠵᠢᠳᠬᠦᠭᠰᠡᠨ ᠨᠠᠰᠤᠨ ᠳ᠋ᠤ᠌ ᠨᠢ ᠵᠦᠳᠡᠷᠢᠭᠡ ᠲᠠᠢᠯᠵᠤ ᠵᠣᠯᠭᠠᠶ᠎ᠠ
ᠰᠠᠷᠠᠪᠴᠢᠯᠠᠵᠤ ᠬᠦᠯᠢᠶᠡᠳᠡᠭ ᠬᠠᠢᠷ᠎ᠠ ᠳ᠋ᠤ᠌ ᠨᠢ ᠬᠦᠷᠴᠦ ᠣᠴᠢᠭᠠᠳ ᠵᠣᠯᠭᠠᠶ᠎ᠠ
ᠰᠠᠢᠬᠠᠨ ᠮᠣᠩᠭᠣᠯ ᠵᠠᠩᠰᠢᠯ ᠢ᠋ᠶ᠋ᠠᠷ ᠢ᠋ᠶ᠋ᠠᠨ ᠰᠠᠷ᠎ᠠ ᠰᠠᠷ᠎ᠠ ᠳ᠋ᠤ᠌ ᠪᠠᠨ ᠵᠣᠯᠭᠠᠶ᠎ᠠ
( ᠳᠠᠬᠢᠯᠲᠠ)

ᠤᠬᠠᠭᠠᠨᠲᠤ ᠮᠣᠩᠭᠣᠯ ᠡᠵᠢ ᠳ᠋ᠦ᠍ ᠪᠡᠨ ᠠᠮᠤᠷ ᠠᠢᠯᠠᠳᠬᠠᠵᠤ ᠵᠣᠯᠭᠠᠶ᠎ᠠ
ᠤᠤᠭᠠᠯ ᠶᠡᠬᠡ ᠪᠤᠶᠠᠨ ᠳ᠋ᠤ᠌ ᠨᠢ ᠬᠠᠳᠠᠭ ᠳᠡᠯᠭᠡᠵᠦ ᠵᠣᠯᠭᠠᠶ᠎ᠠ
ᠦᠵᠦᠮ ᠦ᠋ᠨ ᠠᠮᠲᠠᠲᠠᠢ ᠰᠠᠷᠬᠤᠳ ᠢ᠋ᠶ᠋ᠠᠨ ᠳᠡᠭᠡᠵᠢᠯᠡᠨ ᠳᠡᠭᠡᠵᠢᠯᠡᠨ ᠵᠣᠯᠭᠠᠶ᠎ᠠ
ᠥᠨᠢᠳᠡ ᠶ᠋ᠢᠨ ᠵᠢᠷᠭᠠᠯᠲᠤ ᠠᠮᠢᠳᠤᠷᠠᠯ ᠢ᠋ ᠨᠢ ᠴᠣᠭᠴᠠᠯᠠᠨ ᠴᠣᠭᠴᠠᠯᠠᠨ ᠵᠣᠯᠭᠠᠶ᠎ᠠ
( ᠳᠠᠬᠢᠯᠲᠠ)

ᠪᠤᠷᠬᠠᠨ ᠠᠳᠠᠯᠢᠬᠠᠨ ᠡᠵᠢ ᠳ᠋ᠦ᠍ ᠪᠡᠨ ᠰᠥᠬᠥᠷᠡᠵᠦ ᠰᠥᠭᠥᠳᠦᠨ ᠵᠣᠯᠭᠠᠶ᠎ᠠ
ᠪᠦᠪᠡᠢᠯᠡᠵᠦ ᠥᠰᠬᠡᠭᠰᠡᠨ ᠠᠴᠢᠨ ᠳ᠋ᠤ᠌ ᠨᠢ ᠪᠤᠴᠠᠵᠤ ᠣᠴᠢᠭᠠᠳ ᠵᠣᠯᠭᠠᠶ᠎ᠠ
ᠪᠣᠰᠤᠭ᠎ᠠ ᠮᠣᠩᠭᠣᠯ ᠰᠣᠶᠣᠯ ᠢ᠋ᠶ᠋ᠠᠨ ᠥᠪᠯᠡᠨ ᠥᠪᠯᠡᠨ ᠵᠣᠯᠭᠠᠶ᠎ᠠ
ᠪᠤᠮᠠᠨ ᠴᠠᠭᠠᠨ ᠢᠷᠦᠭᠡᠯ ᠢ᠋ ᠨᠢ ᠲᠣᠭᠲᠠᠭᠠᠨ ᠲᠣᠭᠲᠠᠭᠠᠨ ᠵᠣᠯᠭᠠᠶ᠎ᠠ
( ᠳᠠᠬᠢᠯᠲᠠ) ( ᠳᠠᠬᠢᠯᠲᠠ)

  ᠦᠰᠦᠭ ᠬᠠᠳᠠᠭᠴᠢ᠄ ᠠᠯᠲᠠᠨᠴᠢᠮᠡᠭ
  ᠦᠰᠦᠭ ᠠᠮᠢᠯᠠᠭᠤᠯᠤᠭᠴᠢ᠄ ᠠᠯᠲᠠᠨᠴᠢᠮᠡᠭ
  ᠬᠢᠨᠠᠭᠴᠢ᠄ ᠭᠦᠩᠭᠠᠷ