ᠠᠶᠠᠨ ᠤ ᠰᠢᠪᠠᠭᠤᠳ-ᠪᠣᠯᠣᠳᠪᠠᠭᠠᠲᠤᠷАяны шувууд-болдбаатар
ᠠᠶᠠᠨ ᠤ ᠰᠢᠪᠠᠭᠤᠳ
ᠦᠭᠡ ᠄ ᠨ ᠂
ᠸᠴᠢᠷᠬᠤᠶᠠᠭ
ᠠᠶ᠎ᠠ ᠄ ᠨ ᠂
ᠴᠣᠶ᠋ᠢᠰᠦ᠋ᠷᠦᠩ
ᠳᠠᠭᠤᠴᠢᠨ ᠄
ᠪᠣᠯᠣᠳᠪᠠᠭᠠᠲᠤᠷ
ᠡᠪᠦᠯ ᠢ ᠵᠥᠩᠨᠡᠨ ᠢᠷᠡᠭᠰᠡᠨ
ᠠᠯᠲᠠᠨ ᠨᠠᠮᠤᠷ ᠪᠣᠯᠬᠤ ᠪᠠᠷ ᠢᠶ᠋ᠠᠨ
ᠡᠮᠦᠨ᠎ᠡ ᠶ᠋ᠢ ᠴᠢᠭᠯᠡᠨ ᠶᠠᠪᠤᠬᠤ
ᠠᠶᠠᠨᠴᠢᠨ ᠣᠯᠠᠨ ᠰᠢᠪᠠᠭᠤᠳ ᠮᠢᠨᠢ
ᠶᠠᠪᠤᠳᠠᠯ ᠳᠤᠮᠳᠠ ᠪᠠᠨ ᠲᠠ ᠨᠠᠷ
ᠮᠠᠨ ᠤ ᠨᠤᠲᠤᠭ ᠢᠶ᠋ᠠᠷ ᠳᠠᠭᠠᠷᠢᠭᠠᠷᠠᠢ
ᠨᠢᠭᠡᠳᠦᠯ ᠳᠦ ᠪᠠᠶ᠋ᠢᠭ᠎ᠠ ᠬᠣᠩᠭᠣᠷ ᠲᠦ ᠮᠢᠨᠢ
ᠮᠡᠨᠳᠦ ᠶ᠋ᠢ ᠮᠢᠨᠢ ᠬᠦᠷᠭᠡᠭᠡᠳ ᠭᠠᠷᠤᠭᠠᠷᠠᠢ
ᠲᠦᠷᠦᠭᠰᠡᠨ ᠨᠤᠲᠤᠭ ᠤᠨ ᠮᠢᠨᠢ ᠳᠡᠭᠡᠭᠦᠷ
ᠵᠡᠯ᠎ᠡ ᠪᠡᠨ ᠲᠠᠲᠠᠨ ᠭᠠᠩᠭᠠᠨᠠᠬᠤ ᠳ᠋ᠠᠭᠠᠨ
ᠵᠣᠷᠢᠬᠰᠠᠨ ᠣᠷᠣᠨ ᠢᠶ᠋ᠠᠨ ᠴᠢᠭᠯᠡᠭᠡᠳ
ᠬᠣᠯᠠ ᠭᠠᠵᠠᠷ ᠠᠶᠠᠯᠠᠬᠤ ᠳ᠋ᠠᠭᠠᠨ
ᠮᠠᠯᠴᠢᠨ ᠮᠣᠩᠭᠣᠯ ᠤᠨ ᠬᠡᠦᠬᠡᠳ ᠦᠳ ᠦᠨ
ᠴᠣᠪᠣᠭᠣ ᠶ᠋ᠢ ᠲᠠ ᠨᠠᠷ ᠭᠠᠶ᠋ᠢᠬᠠᠨ ᠪᠠᠶ᠋ᠢᠨ᠎ᠠ
ᠮᠠᠨ ᠤ ᠨᠤᠲᠤᠭ ᠤᠨ ᠰᠠᠶ᠋ᠢᠬᠠᠨ ᠢ
ᠠᠲᠠᠭᠠᠷᠬᠠᠵᠤ ᠪᠠᠰᠠ ᠯᠠ ᠭᠠᠩᠭᠠᠨᠠᠨᠠ ᠳ᠋ᠠ ᠃
