ᠡᠭᠦᠯᠡᠨ ᠴᠡᠩᠬᠡᠷ ᠬᠠᠩᠭᠠᠢ -ᠳᠣᠯᠭᠣᠷᠮᠠ Üülen tsenkher khangai-DolgormaaҮүлэн цэнхэр хангай-Долгормаа
ᠡᠭᠦᠯᠡᠨ ᠴᠡᠩᠬᠡᠷ ᠬᠠᠩᠭᠠᠢ
ᠠᠶ᠎ᠠ᠄ ᠴ· ᠴᠢᠩᠵᠣᠷᠢᠭ
ᠦᠭᠡ᠄ ᠪ· ᡀᠬᠠᠪᠠᠰᠥᠷᠥᠩ
ᠦᠭᠡ᠄ ᠳᠣᠯᠭᠣᠷᠮᠠ
ᠡᠭᠦᠯᠡ ᠭᠡᠵᠢᠭᠡᠳᠡᠨ ᠨᠠᠢᠭᠤᠬᠤ
ᠠᠷᠤ ᠶ᠋ᠢᠨ ᠨᠣᠮᠢᠨ ᠰᠢᠭᠤᠢ
ᠦᠷᠢᠯ ᠪᠤᠷᠠᠮ ᠤ᠋ᠨ ᠵᠢᠮᠢᠰ ᠨᠢ
ᠠᠳᠬᠤᠨ ᠳ᠋ᠤ᠌ ᠤᠨᠠᠳᠠᠭ ᠬᠠᠩᠭᠠᠢ
ᠥᠷᠯᠥᠭᠡ ᠳᠠᠭᠤᠯᠠᠭᠰᠠᠨ ᠳᠠᠭᠤᠤ ᠮᠢᠨᠢ
ᠡᠳᠦᠷᠵᠢᠨ ᠬᠣᠷᠭᠣᠳᠠᠳᠠᠭ ᠰᠢᠭᠤᠢ
ᠨᠥᠮᠥᠭᠡᠨ ᠴᠠᠭᠠᠨ ᠮᠠᠨᠠᠨ
ᠨᠥᠮᠥᠷᠢ ᠳ᠋ᠦ᠍ ᠨᠢ ᠬᠣᠷᠭᠣᠳᠠᠳᠠᠭ ᠬᠠᠩᠭᠠᠢ
ᠵᠡᠷᠯᠢᠭ ᠬᠠᠯᠢᠭᠤᠨ ᠪᠤᠭᠤ ᠨᠢ
ᠮᠥᠴᠢᠷ ᠢ᠋ ᠨᠢ ᠭᠦᠨᠳᠡᠳᠡᠭ ᠦᠭᠡᠢ ᠰᠢᠭᠤᠢ
ᠵᠢᠰᠦ ᠨᠢ ᠴᠣᠬᠣᠷ ᠢᠨᠵᠠᠭ᠎ᠠ ᠨᠢ
ᠰᠥᠭᠥᠳᠴᠦ ᠲᠥᠷᠥᠳᠡᠭ ᠬᠠᠩᠭᠠᠢ
ᠬᠣᠲᠠᠯᠠ ᠶ᠋ᠢᠨ ᠮᠡᠯᠮᠡᠢ ᠳ᠋ᠦ᠍ ᠦᠨᠦᠰᠦᠭᠦᠯᠦᠭᠰᠡᠨ
ᠦᠨᠳᠦᠰᠦ ᠪᠦᠲᠦᠨ ᠰᠢᠭᠤᠢ
ᠬᠤᠷᠠᠵᠤ ᠬᠣᠲᠣᠢᠬᠤ ᠶ᠋ᠢᠨ ᠤᠴᠢᠷ ᠦᠭᠡᠢ
ᠡᠭᠦᠯᠡᠨ ᠴᠡᠩᠬᠡᠷ ᠬᠠᠩᠭᠠᠢ
ᠬᠤᠷᠠᠵᠤ ᠬᠣᠲᠣᠢᠬᠤ ᠶ᠋ᠢᠨ ᠤᠴᠢᠷ ᠦᠭᠡᠢ
ᠡᠭᠦᠯᠡᠨ ᠴᠡᠩᠬᠡᠷ ᠬᠠᠩᠭᠠᠢ
ᠡᠭᠦᠯᠡᠨ ᠴᠡᠩᠬᠡᠷ ᠬᠠᠩᠭᠠᠢ
ᠦᠰᠦᠭ ᠠᠮᠢᠯᠠᠭᠤᠯᠵᠤ ᠬᠠᠲᠠᠭᠰᠠᠨ ᠨᠢ᠄ ᠡᠷᠳᠡᠮᠲᠦ
ᠬᠢᠨᠠᠭᠴᠢ᠄ ᠤᠯᠠᠭᠠᠨ᠂ ᠨᠠᠷᠠᠨ