ᠳᠤᠷᠠᠰᠤᠮᠵᠢ ᠳᠦᠭᠦᠷᠡᠩ ᠤᠯᠠᠷᠢᠯ -ᠰᠡᠷᠴᠢᠮ᠎ᠠ ᠴᠣᠭᠰᠣᠭᠮ᠎ᠠ-Dursamj Düüren Uliral Serchmaa TsogsogmaaДурсамж Дүүрэн Улирал Сэрчмаа Цогсогмаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠰᠤᠮᠵᠢ ᠳᠦᠭᠦᠷᠡᠩ ᠤᠯᠠᠷᠢᠯ -ᠰᠡᠷᠴᠢᠮ᠎ᠠ ᠴᠣᠭᠰᠣᠭᠮ᠎ᠠ-Dursamj Düüren Uliral Serchmaa TsogsogmaaДурсамж Дүүрэн Улирал Сэрчмаа Цогсогмаа

ᠳᠤᠷᠠᠰᠤᠮᠵᠢ ᠳᠦᠭᠦᠷᠡᠩ ᠤᠯᠠᠷᠢᠯ -ᠰᠡᠷᠴᠢᠮ᠎ᠠ ᠴᠣᠭᠰᠣᠭᠮ᠎ᠠ-Dursamj Düüren Uliral Serchmaa TsogsogmaaДурсамж Дүүрэн Улирал Сэрчмаа Цогсогмаа

ᠠᠩᠭᠢᠯᠠᠯ:ᠳᠠᠭᠤᠤ ᠬᠥᠭᠵᠢᠮ
2025-10-03

445

ᠳᠤᠷᠠᠰᠤᠮᠵᠢ ᠳᠦᠭᠦᠷᠡᠩ ᠤᠯᠠᠷᠢᠯ


      ᠦᠭᠡ᠄ · ᠪᠠᠶᠠᠷᠪᠠᠭᠠᠳᠤᠷ 
      ᠠᠶ᠎ᠠ᠄ ᠭ· ᠵᠢᠷᠭᠠᠯᠰᠠᠢᠬᠠᠨ 
      ᠳᠠᠭᠤᠴᠢᠨ᠄ ᠰᠠᠷᠴᠢᠮ᠎ᠡ· ᠴᠤᠬᠰᠤᠬᠮ᠎ᠡ 
ᠴᠡᠯᠮᠡᠭ ᠲᠩᠷᠢ ᠶ᠋ᠢᠨ ᠨᠠᠷᠠ ᠶ᠋ᠢ ᠰᠢᠷᠳᠡᠭᠡᠳ 
ᠴᠡᠴᠡᠭ ᠦ᠋ᠨ ᠤᠪᠠᠳᠢᠰ ᠤ᠋ᠨ ᠥᠩᠭᠡ ᠶ᠋ᠢ ᠬᠠᠷᠠᠭᠠᠳ 
ᠵᠤᠯᠵᠠᠭᠠᠨ ᠬᠤᠰᠤᠨ ᠤ᠋ ᠦᠨᠦᠷ ᠲᠦ᠍ ᠰᠣᠭᠲᠣᠭᠠᠳ 
ᠵᠤᠨ ᠤ᠋ ᠪᠣᠷᠣᠭᠠᠨ ᠳ᠋ᠤ᠌ ᠨᠣᠷᠤᠭᠠᠳ ᠭᠦᠶᠦᠮᠡᠷ 
ᠵᠦᠢᠷᠯᠡᠰᠢ ᠦᠭᠡᠢ ᠨᠠᠨᠳᠢᠨ ᠬᠠᠢᠷ᠎ᠠ ᠶ᠋ᠢ ᠬᠦᠰᠡᠭᠡᠳ 
ᠵᠢᠷᠦᠬᠡ ᠰᠡᠳᠬᠢᠯ ᠮᠢᠨᠢ ᠳᠤᠷᠠᠯᠠᠯ ᠳ᠋ᠤ᠌ ᠰᠣᠭᠲᠣᠬᠤ ᠪᠠᠷ 
ᠦᠶ᠎ᠡ ᠶ᠋ᠢᠨ ᠦᠶ᠎ᠡ ᠳ᠋ᠦ᠍ ᠮᠥᠩᠬᠡᠷᠡᠨ ᠠᠮᠢᠳᠤᠷᠠᠭᠠᠳ
ᠦᠷᠭᠦᠯᠵᠢ ᠴᠢᠮ᠎ᠠ ᠲᠠᠢ ᠬᠠᠮᠲᠤ ᠳ᠋ᠤ᠌ ᠪᠠᠨ ᠪᠠᠢᠮᠠᠷ
ᠡᠢᠮᠦ ᠯᠡ ᠰᠠᠢᠬᠠᠨ ᠤᠯᠠᠷᠢᠯ ᠢᠷᠡᠬᠦ ᠳ᠋ᠦ᠍
ᠡᠷᠬᠡ ᠦᠭᠡᠢ ᠪᠢᠳᠡᠨ ᠦ᠌ ᠰᠡᠳᠬᠢᠯ  ᠳᠣᠭᠳᠣᠯᠤᠭᠠᠳ
ᠵᠢᠷᠤᠭ ᠳᠤᠷᠠᠰᠤᠮᠵᠢ ᠳᠦᠭᠦᠷᠡᠩ ᠠᠮᠢᠳᠤᠷᠠᠯ ᠢ᠋
ᠵᠠᠭᠤᠨ ᠵᠠᠭᠤᠨ ᠢ᠋ᠶ᠋ᠠᠷ ᠦᠳᠡᠮᠡᠷ ᠰᠠᠨᠠᠭᠳᠠᠨ᠎ᠠ
ᠰᠢᠷᠭᠠᠯ ᠨᠠᠪᠴᠢᠰ ᠨᠢ ᠰᠠᠯᠬᠢᠨ ᠳ᠋ᠤ᠌ ᠬᠡᠢᠰᠦᠭᠡᠳ
ᠱᠠᠩᠳᠠ ᠨᠠᠭᠤᠷ ᠠ᠋ᠴᠠ ᠪᠠᠨ ᠰᠢᠪᠠᠭᠤᠳ ᠪᠤᠴᠠᠭᠠᠳ
ᠠᠭᠤᠯᠠᠰ ᠤ᠋ᠨ ᠣᠷᠣᠢ ᠪᠠᠷ ᠮᠠᠨᠠᠨ ᠲᠠᠲᠠᠭᠠᠳ
ᠤᠰᠤᠨ ᠤ᠋ ᠰᠢᠪᠠᠭᠤᠳ ᠢ᠋ᠶ᠋ᠠᠨ ᠳᠠᠭᠠᠭᠠᠳ ᠨᠢᠰᠦᠮᠡᠷ
ᠵᠦᠢᠷᠯᠡᠰᠢ ᠦᠭᠡᠢ ᠨᠠᠨᠳᠢᠨ ᠬᠠᠢᠷ᠎ᠠ ᠶ᠋ᠢ ᠬᠦᠰᠡᠭᠡᠳ
ᠵᠢᠷᠦᠬᠡ ᠰᠡᠳᠬᠢᠯ ᠮᠢᠨᠢ ᠳᠤᠷᠠᠯᠠᠯ ᠳ᠋ᠤ᠌ ᠰᠣᠭᠲᠣᠬᠤ ᠪᠠᠷ
ᠦᠶ᠎ᠡ ᠶ᠋ᠢᠨ ᠦᠶ᠎ᠡ ᠳ᠋ᠦ᠍ ᠮᠥᠩᠬᠡᠷᠡᠨ ᠠᠮᠢᠳᠤᠷᠠᠭᠠᠳ
ᠦᠷᠭᠦᠯᠵᠢ ᠴᠢᠮ᠎ᠠ ᠲᠠᠢ ᠬᠠᠮᠲᠤ ᠳ᠋ᠤ᠌ ᠪᠠᠨ ᠪᠠᠢᠮᠠᠷ
ᠡᠢᠮᠦ ᠯᠡ ᠰᠠᠢᠬᠠᠨ ᠤᠯᠠᠷᠢᠯ ᠢᠷᠡᠬᠦ ᠳ᠋ᠦ᠍
ᠡᠷᠬᠡ ᠦᠭᠡᠢ ᠪᠢᠳᠡᠨ ᠦ᠌ ᠰᠡᠳᠬᠢᠯ  ᠳᠣᠭᠳᠣᠯᠤᠭᠠᠳ
ᠵᠢᠷᠤᠭ ᠳᠤᠷᠠᠰᠤᠮᠵᠢ ᠳᠦᠭᠦᠷᠡᠩ ᠠᠮᠢᠳᠤᠷᠠᠯ ᠢ᠋
ᠵᠠᠭᠤᠨ ᠵᠠᠭᠤᠨ ᠢ᠋ᠶ᠋ᠠᠷ ᠦᠳᠡᠮᠡᠷ ᠰᠠᠨᠠᠭᠳᠠᠨ᠎ᠠ
ᠰᠢᠬᠦᠷᠲᠦ ᠴᠠᠰᠤᠨ ᠬᠦᠪᠦᠷᠡᠨ ᠪᠤᠲᠠᠷᠠᠭᠠᠳ
ᠰᠥᠨᠢ ᠶ᠋ᠢᠨ ᠰᠠᠷᠠᠨ ᠨᠥᠮᠥᠷᠦᠨ ᠴᠡᠮᠴᠡᠷᠡᠬᠡᠤᠨ
ᠴᠠᠩ ᠬᠦᠷᠦᠭᠡ ᠴᠣᠩᠬᠣ ᠶ᠋ᠢ ᠪᠦᠷᠬᠦᠭᠡᠳ
ᠴᠠᠰᠤᠨ ᠥᠬᠢᠳ ᠲᠡᠢ ᠪᠥᠵᠢᠭᠯᠡᠨ ᠴᠡᠩᠭᠡᠮᠡᠷ
ᠵᠦᠢᠷᠯᠡᠰᠢ ᠦᠭᠡᠢ ᠨᠠᠨᠳᠢᠨ ᠬᠠᠢᠷ᠎ᠠ ᠶ᠋ᠢ ᠬᠦᠰᠡᠭᠡᠳ
ᠵᠢᠷᠦᠬᠡ ᠰᠡᠳᠬᠢᠯ ᠮᠢᠨᠢ ᠳᠤᠷᠠᠯᠠᠯ ᠳ᠋ᠤ᠌ ᠰᠣᠭᠲᠣᠬᠤ ᠪᠠᠷ
ᠦᠶ᠎ᠡ ᠶ᠋ᠢᠨ ᠦᠶ᠎ᠡ ᠳ᠋ᠦ᠍ ᠮᠥᠩᠬᠡᠷᠡᠨ ᠠᠮᠢᠳᠤᠷᠠᠭᠠᠳ
ᠦᠷᠭᠦᠯᠵᠢ ᠴᠢᠮ᠎ᠠ ᠲᠠᠢ ᠬᠠᠮᠲᠤ ᠳ᠋ᠤ᠌ ᠪᠠᠨ ᠪᠠᠢᠮᠠᠷ
ᠡᠢᠮᠦ ᠯᠡ ᠰᠠᠢᠬᠠᠨ ᠤᠯᠠᠷᠢᠯ ᠢᠷᠡᠬᠦ ᠳ᠋ᠦ᠍
ᠡᠷᠬᠡ ᠦᠭᠡᠢ ᠪᠢᠳᠡᠨ ᠦ᠌ ᠰᠡᠳᠬᠢᠯ  ᠳᠣᠭᠳᠣᠯᠤᠭᠠᠳ
ᠵᠢᠷᠤᠭ ᠳᠤᠷᠠᠰᠤᠮᠵᠢ ᠳᠦᠭᠦᠷᠡᠩ ᠠᠮᠢᠳᠤᠷᠠᠯ ᠢ᠋
ᠵᠠᠭᠤᠨ ᠵᠠᠭᠤᠨ ᠢ᠋ᠶ᠋ᠠᠷ ᠦᠳᠡᠮᠡᠷ ᠰᠠᠨᠠᠭᠳᠠᠨ᠎ᠠ
ᠰᠢᠷᠢᠳᠡᠭ ᠨᠣᠭᠣᠭᠠᠨ ᠵᠦᠯᠭᠡ ᠣᠷᠭᠣᠭᠠᠳ
ᠰᠢᠯᠢᠨ ᠪᠣᠯᠣᠷ ᠮᠥᠰᠥᠨ ᠬᠠᠢᠯᠤᠭᠠᠳ
ᠴᠡᠩᠬᠡᠷ ᠢᠷᠭᠤᠢ ᠨᠡᠭᠦᠳᠡᠯᠯᠡᠨ ᠰᠣᠶᠣᠭᠠᠯᠠᠬᠤ ᠪᠠᠷ
ᠬᠠᠪᠤᠷ ᠤ᠋ᠨ ᠰᠢᠪᠠᠭᠤᠳ ᠲᠠᠢ ᠬᠠᠮᠲᠤ ᠳ᠋ᠤ᠌ ᠪᠠᠨ ᠨᠢᠰᠦᠮᠡᠷ
ᠵᠦᠢᠷᠯᠡᠰᠢ ᠦᠭᠡᠢ ᠨᠠᠨᠳᠢᠨ ᠬᠠᠢᠷ᠎ᠠ ᠶ᠋ᠢ ᠬᠦᠰᠡᠭᠡᠳ
ᠵᠢᠷᠦᠬᠡ ᠰᠡᠳᠬᠢᠯ ᠮᠢᠨᠢ ᠳᠤᠷᠠᠯᠠᠯ ᠳ᠋ᠤ᠌ ᠰᠣᠭᠲᠣᠬᠤ ᠪᠠᠷ
ᠦᠶ᠎ᠡ ᠶ᠋ᠢᠨ ᠦᠶ᠎ᠡ ᠳ᠋ᠦ᠍ ᠮᠥᠩᠬᠡᠷᠡᠨ ᠠᠮᠢᠳᠤᠷᠠᠭᠠᠳ
ᠦᠷᠭᠦᠯᠵᠢ ᠴᠢᠮ᠎ᠠ ᠲᠠᠢ ᠬᠠᠮᠲᠤ ᠳ᠋ᠤ᠌ ᠪᠠᠨ ᠪᠠᠢᠮᠠᠷ
ᠡᠢᠮᠦ ᠯᠡ ᠰᠠᠢᠬᠠᠨ ᠤᠯᠠᠷᠢᠯ ᠢᠷᠡᠬᠦ ᠳ᠋ᠦ᠍
ᠡᠷᠬᠡ ᠦᠭᠡᠢ ᠪᠢᠳᠡᠨ ᠦ᠌ ᠰᠡᠳᠬᠢᠯ  ᠳᠣᠭᠳᠣᠯᠤᠭᠠᠳ
ᠵᠢᠷᠤᠭ ᠳᠤᠷᠠᠰᠤᠮᠵᠢ ᠳᠦᠭᠦᠷᠡᠩ ᠠᠮᠢᠳᠤᠷᠠᠯ ᠢ᠋
ᠵᠠᠭᠤᠨ ᠵᠠᠭᠤᠨ ᠢ᠋ᠶ᠋ᠠᠷ ᠦᠳᠡᠮᠡᠷ ᠰᠠᠨᠠᠭᠳᠠᠨ᠎ᠠ
ᠵᠠᠭᠤᠨ ᠵᠠᠭᠤᠨ ᠢ᠋ᠶ᠋ᠠᠷ ᠦᠳᠡᠮᠡᠷ ᠰᠠᠨᠠᠭᠳᠠᠨ᠎ᠠ

     ᠦᠰᠦᠭ ᠠᠮᠢᠯᠠᠭᠤᠯᠤᠭᠴᠢ᠄ ᠰᠠᠴᠠᠡᠭᠡᠷᠠᠯ
     ᠬᠢᠨᠠᠭᠴᠢ ᠪᠠᠭᠰᠢ᠄  ᠠᠯᠳᠡᠨᠴᠡᠴᠩ