ᠡᠷ᠎ᠡ ᠡᠮ᠎ᠡ ᠶᠢᠨ ᠶᠣᠰᠣᠨ– ᠳ᠂ᠪᠤᠯᠤᠳᠴᠡᠷᠢᠩ <ᠭᠤᠷᠪᠠᠳᠤᠭᠠᠷ ᠪᠦᠯᠦᠭ> - ᠨᠢᠭᠡ᠂ᠨᠠᠰᠤᠨ ᠤ ᠨᠠᠮᠤᠷ ᠤᠨ ᠳᠤᠬᠠᠢ ᠡᠷᠭᠢᠴᠡᠭᠦᠯᠦᠨ ᠪᠣᠳᠣᠬᠤᠢ Эр эмийн ёсон – Д᠂ Болдцэрэн <3-р бүлэг> - 1᠂ Насны намрын тухай эргэцүүлэн бодохуй
ᠭᠤᠷᠪᠠᠳᠤᠭᠠᠷ ᠪᠦᠯᠦᠭ –
ᠨᠢᠭᠡ᠂ᠨᠠᠰᠤᠨ ᠤ ᠨᠠᠮᠤᠷ ᠤᠨ ᠳᠤᠬᠠᠢ ᠡᠷᠭᠢᠴᠡᠭᠦᠯᠦᠨ ᠪᠣᠳᠣᠬᠤᠢ
ᠨᠠᠰᠤᠨ ᠤ᠋ ᠦᠶ᠎ᠡ ᠲᠣᠰᠪᠣᠷᠢ ᠪᠢᠣᠯᠣᠭᠢ᠂ ᠨᠡᠢᠭᠡᠮ᠂ ᠰᠡᠳᠬᠢᠯ ᠵᠦᠢ ᠶ᠋ᠢᠨ ᠥᠪᠡᠷᠮᠢᠴᠡ ᠣᠨᠴᠠᠯᠢᠭ ᠲᠠᠢ ᠪᠠᠢᠳᠠᠭ᠃ ᠲᠤᠬᠠᠢᠯᠠᠪᠠᠯ᠂ ᠪᠢᠣᠯᠣᠭᠢ ᠶ᠋ᠢᠨ ᠬᠤᠪᠢ ᠳ᠋ᠤ᠌ ᠬᠡᠦᠬᠡᠳ ᠠᠬᠤᠢ ᠴᠠᠭ ᠪᠣᠯ ᠪᠦᠬᠦ ᠶᠠᠭᠤᠮ᠎ᠠ ᠳᠡᠭᠵᠢᠨ ᠳᠡᠭᠡᠭᠰᠢᠯᠡᠬᠦ ᠨᠠᠰᠤ ᠶᠤᠮ᠃ ᠲᠡᠭᠡᠪᠡᠯ ᠥᠲᠡᠯᠬᠦ ᠶ᠋ᠢᠨ ᠦᠶ᠎ᠡ ᠪᠣᠯ ᠬᠠᠢᠷᠠᠨ ᠪᠡᠶ᠎ᠡ ᠶ᠋ᠢ ᠨᠠᠰᠤ ᠳᠠᠷᠤᠵᠤ᠂ ᠬᠠᠨ ᠠᠭᠤᠯᠠ ᠶ᠋ᠢ ᠴᠠᠰᠤ ᠳᠠᠷᠤᠳᠠᠭ ᠬᠠᠷᠢᠬᠤ ᠨᠠᠰᠤ ᠪᠢᠯᠡ᠃ ᠪᠢᠣᠯᠣᠭᠢ᠂ ᠨᠡᠢᠭᠡᠮ᠂ ᠰᠡᠳᠬᠢᠯ ᠵᠦᠢ ᠶ᠋ᠢᠨ ᠬᠤᠪᠢ ᠳ᠋ᠤ᠌50—60 ᠨᠠᠰᠤᠨ ᠠ᠋ᠴᠠ ᠬᠣᠢᠰᠢᠬᠢ ᠠᠮᠢᠳᠤᠷᠠᠯ ᠤ᠋ᠨ ᠦᠶ᠎ᠡ ᠳ᠋ᠦ᠍ ᠬᠠᠷᠢᠬᠤ ᠨᠠᠰᠤ ᠪᠤᠶᠤ ᠨᠠᠰᠤᠨ ᠤ᠋ ᠨᠠᠮᠤᠷ ᠭᠡᠳᠡᠭ᠃ ᠡᠷᠭᠢᠬᠦ ᠳᠥᠷᠪᠡᠨ ᠤᠯᠠᠷᠢᠯ ᠤ᠋ᠨ ᠨᠢᠭᠡ ᠨᠢ ᠨᠠᠮᠤᠷ ᠤ᠋ᠨ ᠤᠯᠠᠷᠢᠯ ᠠᠭᠠᠳ ᠲᠡᠭᠦᠪᠡᠷ ᠵᠢᠯ ᠦ᠋ᠨ ᠳᠥᠷᠪᠡᠨ ᠤᠯᠠᠷᠢᠯ ᠥᠨᠳᠥᠷᠯᠡᠳᠡᠭ ᠦ᠋ᠨ ᠠᠳᠠᠯᠢ ᠨᠠᠰᠤᠨ ᠤ᠋ ᠨᠠᠮᠤᠷ ᠪᠣᠯ ᠬᠥᠮᠦᠨ ᠦ᠌ ᠲᠤᠭᠤᠯᠬᠤ ᠠᠮᠢᠳᠤᠷᠠᠯ ᠤ᠋ᠨ ᠵᠠᠢᠯᠠᠰᠢ ᠦᠭᠡᠢ ᠨᠢᠭᠡᠨ ᠦᠶ᠎ᠡ ᠱᠠᠲᠤ ᠪᠣᠯᠬᠤ ᠠ᠋ᠴᠠ ᠪᠢᠰᠢ᠂ ᠲᠡᠭᠦᠪᠡᠷ ᠵᠠᠪᠠᠯ ᠨᠠᠰᠤ ᠡᠴᠦᠰᠯᠡᠬᠦ ᠠᠯᠪᠠ ᠦᠭᠡᠢ᠃ ᠥᠭᠡᠷ᠎ᠡ ᠪᠡᠷ ᠬᠡᠯᠡᠪᠡᠯ᠂ ᠵᠢᠯ ᠦ᠋ᠨ ᠳᠥᠷᠪᠡᠨ ᠤᠯᠠᠷᠢᠯ ᠤ᠋ᠨ ᠰᠢᠪᠲᠤᠷᠠᠭᠠᠨ ᠨᠢ ᠡᠪᠦᠯ ᠪᠣᠯᠬᠤ ᠠ᠋ᠴᠠ ᠪᠢᠰᠢ᠂ ᠨᠠᠮᠤᠷ ᠴᠠᠭ ᠪᠢᠰᠢ ᠯᠦ᠍ᠭᠡ ᠠᠳᠠᠯᠢ ᠨᠠᠰᠤᠨ ᠤ᠋ ᠨᠠᠮᠤᠷ ᠪᠣᠯ ᠬᠥᠮᠦᠨ ᠦ᠌ ᠠᠮᠢᠳᠤᠷᠠᠯ ᠤ᠋ᠨ ᠵᠢᠷᠭᠠᠵᠤ ᠪᠠᠢᠭ᠎ᠠ ᠨᠠᠷᠠ ᠬᠠᠷᠠᠬᠠᠨ ᠪᠢᠰᠢ᠃ ᠨᠠᠮᠤᠷ ᠤ᠋ᠨ ᠤᠯᠠᠷᠢᠯ ᠢᠳᠡᠭᠡ ᠴᠠᠭ᠎ᠠ ᠡᠯᠪᠡᠭ᠂ ᠳᠡᠯᠪᠡᠭ᠂ ᠠᠮᠤ ᠪᠤᠳᠠᠭ᠎ᠠ ᠦᠷ᠎ᠡ ᠲᠠᠷᠢᠶ᠎ᠠ᠂ ᠵᠢᠮᠢᠰ ᠵᠢᠮᠢᠰᠬᠡᠨ᠎ᠡ ᠪᠣᠯᠪᠠᠰᠤᠷᠠᠭᠰᠠᠨ ᠰᠠᠢᠬᠠᠨ ᠴᠠᠭ ᠪᠠᠢᠳᠠᠭ ᠰᠢᠭ᠋ ᠨᠠᠰᠤᠨ ᠤ᠋ ᠨᠠᠮᠤᠷ ᠴᠦ᠍ ᠪᠠᠰᠠ ᠨᠠᠯᠠᠭᠠᠷ ᠲᠡᠨᠢᠭᠦᠨ᠂ ᠨᠠᠷᠭᠢᠶᠠᠨ ᠬᠥᠭᠵᠢᠶᠡᠨ ᠲᠡᠢ᠃ ᠠᠮᠢᠳᠤᠷᠠᠯ ᠤ᠋ᠨ ᠬᠦᠷᠳᠦ ᠲᠣᠭᠣᠷᠢᠨ ᠡᠷᠭᠢᠭᠰᠡᠭᠡᠷ᠂ ᠠᠯᠪᠠ ᠠᠮᠢᠨ ᠤ᠋ ᠪᠣᠷᠪᠢ ᠪᠣᠬᠢᠰᠬᠢᠬᠦ ᠦᠭᠡᠢ ᠠᠵᠢᠯ ᠲᠠᠢ ᠵᠢᠭᠤᠷᠠᠯᠳᠤᠭᠰᠠᠭᠠᠷ ᠶᠠᠪᠤᠲᠠᠯ᠎ᠠ ᠨᠢᠭᠡ ᠯᠡ ᠮᠡᠳᠡᠬᠦ ᠳ᠋ᠦ᠍ ᠰᠠᠨᠴᠢᠭ ᠤ᠋ᠨ ᠦᠰᠦᠨ ᠳ᠋ᠦ᠍ ᠨᠠᠰᠤᠨ ᠤ᠋ ᠬᠢᠷᠠᠭᠤ ᠪᠠᠭᠤᠵᠤ᠂ ᠨᠠᠰᠤᠨ ᠬᠤᠲᠤᠭ ᠨᠡᠮᠡᠨ ᠨᠡᠮᠡᠭᠰᠡᠭᠡᠷ ᠪᠤᠶᠠᠨ ᠲᠠᠢ ᠪᠤᠭᠤᠷᠤᠯ ᠪᠣᠯᠬᠤ ᠨᠢ ᠶᠢᠷᠲᠢᠨᠴᠦ ᠶ᠋ᠢᠨ ᠵᠢᠮ᠎ᠡ ᠶᠣᠰᠣᠨ ᠪᠣᠯᠬᠣᠷ《ᠨᠢᠳᠦ ᠢᠷᠮᠡᠬᠦ ᠶ᠋ᠢᠨ ᠵᠠᠭᠤᠷ᠎ᠠ ᠥᠩᠭᠡᠷᠡᠴᠢᠬᠡᠳᠡᠭ ᠶᠠᠭᠠᠬᠢᠭᠰᠠᠨ ᠴᠦ᠍ ᠣᠬᠣᠷᠬᠠᠨ ᠪᠣᠭᠣᠨᠢ ᠬᠣᠷᠸ᠎ᠠ ᠪᠣᠢ ᠳᠠ》 ᠭᠡᠵᠦ ᠬᠠᠯᠠᠭᠯᠠᠬᠤ ᠬᠥᠮᠦᠨ ᠬᠠᠮᠢᠭ᠎ᠠ ᠪᠠᠢᠬᠤᠪ᠃ ᠤᠴᠢᠷ ᠨᠢ ᠦᠵᠡᠵᠦ ᠥᠩᠭᠡᠷᠡᠭᠦᠯᠦᠭᠰᠡᠨ ᠢ᠋ᠶ᠋ᠡᠨ ᠨᠡᠬᠡᠨ ᠰᠠᠨᠠᠬᠤ ᠳ᠋ᠤ᠌ ᠲᠤᠭᠤᠯᠤᠭᠰᠠᠨ ᠠᠮᠢᠳᠤᠷᠠᠯ ᠲᠡᠢᠮᠦ ᠴᠦ᠍ ᠴᠢᠮᠠᠯᠠᠮᠠᠷ ᠭᠡᠵᠢ ᠤᠤ᠃ ᠥᠪᠡᠷ ᠦ᠋ᠨ ᠠᠮᠢᠳᠤᠷᠠᠯ ᠤ᠋ᠨ ᠦᠷᠭᠦᠯᠵᠢᠯᠡᠯ ᠦᠷ᠎ᠡ ᠬᠡᠦᠬᠡᠳ ᠢ᠋ᠶ᠋ᠡᠨ ᠥᠰᠬᠡᠨ ᠥᠨᠳᠡᠢᠯᠭᠡᠵᠦ᠂ ᠭᠠᠷ ᠢ᠋ ᠨᠢ ᠭᠠᠨᠵᠤᠭᠠᠨ ᠳ᠋ᠤ᠌᠂ ᠬᠥᠯ ᠢ᠋ ᠨᠢ ᠳᠥᠷᠦᠭᠡᠨ ᠳ᠋ᠦ᠍ ᠬᠦᠷᠭᠡᠭᠰᠡᠨ ᠢ᠋ᠶ᠋ᠡᠨ ᠪᠣᠳᠣᠬᠤ ᠳ᠋ᠤ᠌ ᠰᠡᠳᠬᠢᠯ ᠬᠠᠩᠭᠠᠯᠤᠭᠤᠨ ᠶᠠᠪᠤᠬᠤ ᠶᠠᠪᠤᠬᠤ ᠠ᠋ᠴᠠ ᠶᠠᠭᠠᠬᠢᠬᠤᠪ᠃ ᠬᠥᠮᠦᠨ ᠳ᠋ᠦ᠍ ᠦᠷ᠎ᠡ ᠶ᠋ᠢᠨ ᠦᠷ᠎ᠡ ᠶ᠋ᠢ ᠦᠵᠡᠬᠦ ᠡᠴᠡ ᠥᠭᠡᠷ᠎ᠡ ᠵᠢᠷᠭᠠᠯ ᠪᠠᠢᠬᠤ ᠦᠭᠡᠢ ᠴᠦ᠍ ᠭᠡᠯᠡ ᠬᠥᠭᠰᠢᠳ ᠢ᠋ᠶ᠋ᠡᠨ ᠵᠠᠪᠠᠯ ᠬᠡᠦᠬᠡᠳ ᠪᠠᠭᠠᠴᠤᠳ ᠢ᠋ᠶ᠋ᠠᠷ ᠳᠠᠷᠤᠵᠤ᠂ ᠶᠠᠳᠠᠷᠠᠭᠠᠬᠤ ᠵᠣᠬᠢᠰ ᠦᠭᠡᠢ᠃ ᠲᠡᠳᠡ ᠨᠠᠷ ᠮᠢᠨᠢ ᠥᠲᠡᠯᠦᠭᠰᠡᠨ ᠪᠣᠯᠬᠤ ᠠ᠋ᠴᠠ ᠦᠬᠦᠭᠰᠡᠨ ᠪᠢᠰᠢ ᠪᠣᠯᠬᠣᠷ ᠨᠠᠰᠤ ᠥᠨᠳᠥᠷ ᠭᠠᠷᠤᠭᠰᠠᠨ ᠴᠦ᠍ ᠬᠥᠮᠦᠨ ᠦ᠌ ᠡᠳ᠋ᠯᠡᠳᠡᠭ ᠴᠡᠩᠭᠡᠯ ᠵᠢᠷᠭᠠᠯ ᠢ᠋ ᠬᠦᠷᠲᠡᠬᠦ ᠶ᠋ᠢ ᠪᠠᠰᠠ ᠪᠣᠳᠣᠵᠤ ᠪᠠᠢᠭ᠎ᠠ ᠰᠢᠦ ᠳᠡ᠃ ᠨᠠᠰᠤᠨ ᠤ᠋ ᠡᠷᠬᠡ ᠪᠡᠷ ᠥᠲᠡᠯᠦᠭᠰᠡᠨ ᠴᠦ᠍ ᠨᠠᠭᠠᠳᠴᠤ ᠶᠠᠪᠤᠭᠰᠠᠨ ᠢ᠋ᠶ᠋ᠠᠨ ᠮᠠᠷᠲᠠᠬᠤ ᠦᠭᠡᠢ ᠪᠡᠷ ᠦᠯᠦ ᠪᠠᠷᠠᠮ ᠬᠣᠶᠠᠷ ᠪᠡᠶ᠎ᠡ ᠪᠡᠨ ᠪᠠᠷᠤᠭ ᠠᠷᠪᠠᠨ ᠨᠠᠢ᠍ᠮᠠᠲᠤ ᠰᠢᠭ᠋ ᠰᠠᠨᠠᠵᠤ ᠰᠠᠭᠤᠳᠠᠭ ᠢ᠋ ᠬᠡᠨ ᠡᠰᠡ ᠮᠡᠳᠡᠯ᠎ᠡ᠃ ᠵᠠᠯᠠᠭᠤ ᠬᠥᠮᠦᠨ ᠢ᠋ ᠬᠥᠮᠦᠨ ᠪᠦᠬᠦᠨ ᠣᠢᠯᠠᠭᠠᠬᠤ ᠲᠤᠯᠠ ᠪᠠᠰᠠ ᠴᠢᠭ ᠤᠴᠢᠷ ᠲᠠᠢ ᠰᠠᠨᠠᠭᠳᠠᠨ᠎ᠠ᠃
ᠲᠡᠭᠡᠪᠡᠯ ᠨᠠᠰᠤᠨ ᠤ᠋ ᠨᠠᠮᠤᠷ ᠲᠠᠢ ᠪᠠᠨ ᠵᠣᠯᠭᠠᠭᠰᠠᠨ ᠠᠬᠠᠮᠠᠳ ᠤ᠋ᠳ ᠤ᠋ᠨ ᠬᠡᠨ ᠳ᠋ᠦ᠍ ᠴᠦ᠍ ᠬᠡᠯᠡᠵᠦ ᠪᠣᠯᠤᠮ᠎ᠠ ᠦᠭᠡᠢ ᠠᠮᠢᠳᠤᠷᠠᠯ ᠤ᠋ᠨ ᠨᠠᠷᠢᠨ ᠱᠠᠷᠢᠨ ᠶᠠᠭᠤᠮ᠎ᠠ ᠶ᠋ᠢ ᠪᠦᠲᠦᠨ ᠣᠢᠯᠭᠠᠳᠠᠭ ᠭᠡᠵᠢ ᠤᠤ! ᠲᠡᠷᠡ ᠪᠦᠷ ᠣᠢᠯᠠᠭᠠᠭᠳᠠᠬᠤ ᠦᠭᠡᠢ ᠡᠴᠡ ᠲᠡᠳᠡᠨ ᠢ᠋ ᠪᠠᠰᠠ ᠬᠡᠦᠬᠡᠳ ᠢ᠋ᠶ᠋ᠡᠨ ᠬᠠᠷᠠᠭᠤᠯᠬᠤ ᠭᠡᠵᠦ《ᠰᠠᠯᠠᠭᠠᠨ ᠬᠥᠨᠳᠡᠢᠷᠡᠭᠦᠯᠬᠦ》 ᠲᠣᠬᠢᠶᠠᠯᠳᠤᠯ ᠴᠥᠭᠡᠨ ᠦᠭᠡᠢ ᠭᠠᠷᠳᠠᠭ᠃ ᠨᠠᠰᠤᠨ ᠤ᠋ ᠨᠠᠮᠤᠷ ᠲᠤ᠌ ᠴᠦ᠍ ᠪᠡᠯᠭᠡ ᠶ᠋ᠢᠨ ᠠᠮᠢᠳᠤᠷᠠᠯ ᠠᠵᠠ ᠵᠢᠷᠭᠠᠯ᠂ ᠪᠠᠶᠠᠷ ᠴᠡᠩᠭᠡᠯ ᠠᠪᠴᠢᠷᠠᠨ᠎ᠠ᠃ ᠵᠢᠷᠠ ᠠ᠋ᠴᠠ ᠳᠡᠭᠡᠭᠰᠢ ᠨᠠᠰᠤᠨ ᠢ᠋ ᠪᠢᠳᠡ ᠨᠠᠰᠤᠨ ᠤ᠋ ᠨᠠᠮᠤᠷ ᠭᠡᠵᠦ ᠨᠡᠷᠡᠯᠡᠵᠦ ᠪᠠᠢᠭ᠎ᠠ ᠨᠢ ᠴᠣᠬᠣᠮ ᠳ᠋ᠠᠭᠠᠨ ᠪᠡᠯᠭᠡ ᠶ᠋ᠢᠨ ᠠᠮᠢᠳᠤᠷᠠᠯ ᠵᠣᠭᠰᠣᠭ᠎ᠠ ᠦᠭᠡᠢ ᠭᠡᠰᠡᠨ ᠦᠭᠡ᠃ ᠰᠤᠳᠤᠯᠭᠠᠨ ᠠ᠋ᠴᠠ ᠦᠵᠡᠬᠦ ᠳ᠋ᠦ᠍᠂ ᠵᠢᠷᠠᠲᠠᠢ ᠬᠥᠮᠦᠰ ᠦ᠋ᠨ75%᠂ ᠲᠠᠯᠠᠲᠠᠢ ᠬᠥᠮᠦᠰ ᠦ᠋ᠨ30%᠂ ᠨᠠᠶᠠᠲᠠᠢ ᠬᠥᠮᠦᠰ ᠦ᠋ᠨ15% ᠨᠢ ᠲᠤᠰ ᠲᠤᠰ《ᠠᠵᠢᠯ ᠬᠥᠨᠳᠡᠢᠷᠡᠭᠡ ᠦᠭᠡᠢ》 ᠪᠠᠢᠳᠠᠭ ᠪᠠᠢᠨ᠎ᠠ᠃ ᠭᠡᠲᠡᠯ᠎ᠡ ᠵᠠᠷᠢᠮ ᠬᠥᠮᠦᠨ ᠬᠥᠭᠰᠢᠨ ᠬᠥᠮᠦᠰ ᠲᠦ᠍ ᠲᠡᠢᠮᠦ ᠶᠠᠭᠤᠮ᠎ᠠ ᠶᠠᠭᠤ ᠯᠠ ᠪᠠᠢᠪᠠ ᠭᠡᠵᠦ ᠳᠡ ᠭᠡᠰᠡᠨ ᠬᠡᠨᠡᠭᠡᠨ ᠪᠣᠳᠣᠯ ᠲᠠᠢ ᠪᠠᠢᠵᠤ᠂ ᠡᠰᠡᠬᠦᠯ᠎ᠡ ᠨᠠᠰᠤ ᠠᠬᠢᠭᠰᠠᠨ ᠬᠥᠮᠦᠨ ᠳ᠋ᠦ᠍ ᠪᠡᠯᠭᠡ ᠶ᠋ᠢᠨ ᠬᠠᠷᠢᠴᠠᠭ᠎ᠠ ᠬᠣᠣᠷᠲᠠᠢ ᠭᠡᠰᠡᠨ ᠠᠨᠳᠠᠭᠤ ᠲᠡᠰᠢᠶ᠎ᠡ ᠣᠢᠯᠭᠠᠯᠲᠠ ᠲᠠᠢ ᠶᠠᠪᠤᠬᠤ ᠬᠥᠮᠦᠨ ᠪᠠᠰᠠ ᠴᠦ᠍ ᠪᠣᠢ᠃ 《ᠨᠠᠰᠤ ᠠᠬᠢᠭᠰᠠᠨ ᠴᠦ᠍ ᠬᠠᠶᠠ(ᠲᠣᠬᠢᠶᠠᠬᠤ ᠳ᠋ᠤ᠌) ᠪᠡᠶ᠎ᠡ ᠬᠥᠩᠭᠡᠷᠡᠴᠦ ᠰᠠᠢᠬᠠᠨ ᠪᠣᠯᠬᠤ ᠶ᠋ᠢᠨ ᠰᠠᠴᠠᠭᠤ ᠰᠡᠳᠬᠢᠯ ᠢ᠋ ᠠᠮᠠᠷᠠᠭᠠᠳᠠᠭ》᠃ ᠢᠩᠭᠢᠬᠦᠯᠡᠷ ᠪᠡᠶ᠎ᠡ ᠶ᠋ᠢᠨ ᠡᠷᠡᠭᠦᠯ ᠮᠡᠨᠳᠦ᠂ ᠶᠡᠷᠦᠩᠬᠡᠢ ᠵᠢᠪᠬᠤᠭ᠎ᠠ ᠬᠡᠪ ᠢ᠋ᠶ᠋ᠡᠷ ᠢ᠋ᠶ᠋ᠡᠨ ᠪᠠᠢᠬᠤ ᠳ᠋ᠤ᠌ ᠥᠪᠡᠷ ᠢ᠋ ᠪᠡᠨ ᠨᠠᠰᠤ ᠥᠨᠳᠥᠷ ᠪᠣᠯᠵᠤ ᠪᠠᠢᠨ᠎ᠠ ᠭᠡᠳ ᠪᠡᠯᠭᠡ ᠶ᠋ᠢᠨ ᠳᠤᠷ᠎ᠠ ᠬᠦᠰᠡᠯ ᠢ᠋ᠶ᠋ᠡᠨ ᠠᠯᠪᠠ ᠪᠠᠷ ᠬᠣᠷᠢᠭᠯᠠᠬᠤ ᠬᠡᠷᠡᠭ ᠦᠭᠡᠢ ᠶᠦᠮ᠃ ᠲᠡᠭᠦᠪᠡᠷ ᠴᠦ᠍ ᠪᠠᠷᠠᠬᠤ ᠦᠭᠡᠢ ᠨᠠᠰᠤ ᠠᠬᠢᠭᠰᠠᠨ ᠬᠥᠮᠦᠨ ᠣᠯᠠᠨ ᠬᠣᠨᠣᠭ᠂ ᠰᠠᠷ᠎ᠠ ᠪᠠᠷ ᠰᠣᠢᠪᠠᠯ ᠪᠡᠯᠭᠡ ᠶ᠋ᠢᠨ ᠴᠢᠳᠠᠪᠤᠷᠢ ᠨᠢ ᠴᠦ᠍ ᠦᠯᠡᠮᠵᠢ ᠳᠣᠷᠣᠢᠲᠠᠳᠠᠭ ᠲᠡᠳᠦᠢ ᠦᠭᠡᠢ ᠪᠡᠶ᠎ᠡ ᠳ᠋ᠦ᠍ᠨᠢ ᠮᠠᠭᠤ ᠢᠷᠣ᠎ᠠ ᠨᠥᠯᠥᠭᠡᠯᠡᠳᠡᠭ᠃ ᠢᠳᠡᠷ ᠪᠠ ᠢᠳᠡ ᠨᠠᠰᠤᠨ ᠤ᠋ ᠡᠷᠡᠴᠦᠳ ᠦ᠋ᠨ ᠵᠡᠭᠦᠳᠦ᠂ ᠨᠣᠢᠷ ᠲᠠᠭᠠᠨ ᠦᠷ᠎ᠡ ᠶ᠋ᠢᠨ ᠰᠢᠩᠭᠡᠨ ᠢ᠋ᠶ᠋ᠡᠨ ᠠᠯᠳᠠᠬᠤ ᠵᠠᠮ ᠢ᠋ᠶ᠋ᠠᠷ ᠪᠡᠶ᠎ᠡ ᠡᠴᠡ ᠪᠡᠨ ᠭᠠᠳᠠᠭᠰᠢᠯᠠᠭᠤᠯᠵᠤ᠂ ᠪᠡᠯᠭᠡ ᠶ᠋ᠢᠨ ᠲᠡᠩᠴᠡᠭᠦᠷᠢᠲᠦ ᠪᠠᠢᠳᠠᠯ ᠢ᠋ᠶ᠋ᠠᠨ ᠬᠠᠳᠠᠭᠠᠯᠠᠵᠤ ᠴᠢᠳᠠᠨ᠎ᠠ᠃ ᠲᠡᠢᠮᠦ ᠡᠴᠡ ᠳᠤᠷ᠎ᠠ ᠬᠦᠰᠡᠯ ᠢ᠋ᠶ᠋ᠡᠨ ᠤᠷᠲᠤ ᠬᠤᠭᠤᠴᠠᠭ᠎ᠠ ᠪᠠᠷ ᠲᠡᠪᠴᠢᠬᠦ ᠨᠢ ᠲᠡᠳᠡᠨ ᠦ᠌ ᠪᠡᠶ᠎ᠡ ᠳ᠋ᠦ᠍ ᠶᠠᠮᠠᠷ ᠴᠦ᠍ ᠬᠣᠣᠷ ᠪᠣᠯᠬᠤ ᠦᠭᠡᠢ᠃ ᠲᠡᠭᠡᠪᠡᠯ ᠠᠬᠢᠮᠠᠭ ᠨᠠᠰᠤᠨ ᠳ᠋ᠤ᠌ ᠪᠡᠶ᠎ᠡ ᠮᠠᠬᠠᠪᠣᠳ ᠤ᠋ᠨ ᠡᠯ᠎ᠡ ᠡᠭᠡᠨᠡᠭᠰᠢᠨ ᠳᠠᠰᠤᠨ ᠵᠣᠬᠢᠴᠠᠬᠤ ᠴᠢᠳᠠᠪᠤᠷᠢ ᠬᠠᠷᠢᠳᠠᠭ ᠤᠴᠢᠷ ᠠ᠋ᠴᠠ ᠣᠯᠠᠨ ᠬᠣᠨᠣᠭ᠂ ᠰᠠᠷ᠎ᠠ ᠰᠣᠢᠭᠳᠠᠬᠤ ᠳ᠋ᠤ᠌ ᠪᠡᠶ᠎ᠡ ᠳ᠋ᠦ᠍ ᠬᠤᠷᠠᠮᠲᠤᠭᠳᠠᠬᠤ ᠦᠷ᠎ᠡ ᠶ᠋ᠢᠨ ᠰᠢᠩᠭᠡᠨ ᠭᠠᠳᠠᠭᠰᠢᠯᠠᠬᠤ ᠥᠭ《ᠳᠣᠲᠣᠭᠰᠢᠯᠠᠨᠠ》᠃ ᠡᠭᠦᠨ ᠦ᠌ ᠤᠯᠠᠮ ᠠ᠋ᠴᠠ ᠡᠷᠡᠭᠲᠡᠢ ᠬᠥᠮᠦᠨ ᠦ᠌ ᠪᠡᠯᠭᠡ ᠡᠷᠬᠡᠲᠡᠨ ᠥᠨᠳᠡᠢᠬᠦ᠂ ᠬᠥᠪᠴᠢᠷᠡᠬᠦ ᠳᠤᠷ᠎ᠠ ᠦᠭᠡᠢ ᠪᠣᠯᠵᠤ᠂ ᠣᠢᠷᠠᠲᠤᠬᠤ ᠬᠦᠰᠡᠯᠡᠩ ᠤᠯᠠᠮ ᠪᠦᠷ ᠤᠨᠲᠠᠷᠠᠨ᠎ᠠ᠃ ᠡᠢᠮᠦ ᠡᠴᠡ ᠠᠬᠢᠮᠠᠭ ᠨᠠᠰᠤᠨ ᠤ᠋ ᠬᠥᠮᠦᠨ ᠬᠤᠷᠢᠴᠠᠯ ᠤ᠋ᠨ ᠲᠣᠭ᠎ᠠ ᠬᠡᠮᠵᠢᠶ᠎ᠡ ᠪᠡᠨ ᠠᠯᠪᠠ ᠪᠠᠷ ᠴᠥᠭᠡᠯᠡᠬᠦ ᠶ᠋ᠢ ᠡᠷᠡᠮᠡᠯᠵᠡᠬᠦ ᠬᠡᠷᠡᠭ ᠦᠭᠡᠢ᠃ ᠭᠡᠲᠡᠯ᠎ᠡ ᠬᠢᠵᠡᠭᠡᠯ ᠨᠠᠰᠤᠨ ᠤ᠋ ᠵᠠᠷᠢᠮ ᠬᠥᠮᠦᠰ ᠪᠡᠯᠭᠡ ᠶ᠋ᠢᠨ ᠴᠢᠳᠠᠪᠤᠷᠢ ᠪᠠᠨ ᠤᠳᠠᠭᠠᠨ ᠬᠤᠭᠤᠴᠠᠭ᠎ᠠ ᠪᠠᠷ ᠬᠡᠪ ᠢ᠋ᠶ᠋ᠡᠷ ᠬᠠᠳᠠᠭᠠᠯᠠᠬᠤ ᠶ᠋ᠢᠨ ᠲᠤᠯᠠᠳᠠ ᠬᠦᠴᠦ ᠪᠡᠨ ᠵᠣᠷᠢᠭᠤᠳᠠ ᠨᠥᠭᠡᠵᠦ᠂《ᠠᠷᠪᠢᠯᠠᠨ ᠬᠡᠮᠨᠡᠬᠦ》 ᠨᠢ ᠲᠤᠰᠠ ᠦᠭᠡᠢ᠃ ᠪᠠᠰᠠ ᠡᠰᠡ ᠪᠣᠰᠤᠨ ᠡᠮ ᠳᠠᠩ ᠬᠡᠷᠡᠭᠯᠡᠨ ᠪᠡᠯᠭᠡ ᠶ᠋ᠢᠨ ᠦᠢᠯᠡ ᠠᠵᠢᠯᠯᠠᠭ᠎ᠠ ᠪᠠᠨ ᠬᠦᠴᠦ ᠪᠡᠷ《ᠰᠢᠪᠬᠠᠭᠤᠷᠳᠠᠬᠤ》 ᠨᠢ ᠴᠦ᠍ ᠲᠤᠰᠠ ᠪᠠᠷ ᠪᠠᠭ᠎ᠠ ᠶᠤᠮ᠃ ᠣᠷᠣᠢ ᠶ᠋ᠢᠨ ᠳᠡᠭᠡᠳᠦ ᠲᠥᠷᠥ ᠶ᠋ᠢᠨ ᠮᠢᠨᠢ ᠰᠦᠷ ᠰᠦᠯᠳᠡ᠂ ᠪᠤᠶᠠᠨ ᠵᠠᠶᠠᠭ᠎ᠠ ᠲᠡᠳᠬᠦᠨ ᠲᠦᠰᠢᠵᠦ᠂ ᠮᠠᠨ ᠤ᠋ ᠬᠥᠮᠦᠨ ᠠᠮᠠ ᠶ᠋ᠢᠨ ᠳᠤᠮᠳᠠᠴᠢ ᠨᠠᠰᠤ65 ᠬᠦᠷᠦᠯ᠎ᠡ᠃ ᠡᠢᠨᠬᠦ ᠳᠤᠮᠳᠠᠴᠢ ᠨᠠᠰᠤ ᠤᠷᠲᠤᠳᠤᠭᠰᠠᠨ ᠤ᠋ ᠬᠢᠷᠢ ᠪᠡᠷ ᠬᠢᠵᠠᠭᠡᠯ ᠪᠠ ᠠᠬᠢᠮᠠᠭ ᠨᠠᠰᠤᠨ ᠤ᠋ ᠬᠥᠮᠦᠰ ᠦ᠋ᠨ ᠲᠣᠭ᠎ᠠ ᠣᠯᠠᠰᠢᠷᠠᠬᠤ᠂ ᠵᠢᠷᠠ ᠱᠦᠷᠭᠦᠭᠡᠭᠰᠡᠨ ᠬᠥᠮᠦᠨ ᠥᠪᠡᠷ ᠢ᠋ ᠪᠡᠨ ᠲᠡᠢᠮᠦ ᠴᠦ᠍ ᠬᠥᠭᠰᠢᠨ ᠳ᠋ᠦ᠍ ᠲᠣᠭᠠᠴᠢᠬᠤ ᠦᠭᠡᠢ ᠪᠠᠢᠨ᠎ᠠ᠃ ᠥᠩᠭᠡᠷᠡᠭᠰᠡᠨ ᠣᠨ ᠤ᠋ ᠬᠥᠮᠦᠨ ᠠᠮᠠ ᠶ᠋ᠢᠨ ᠲᠣᠭᠠᠯᠠᠯᠭ᠎ᠠ ᠶ᠋ᠢᠨ ᠳ᠋ᠦᠩ ᠡᠴᠡ ᠦᠵᠡᠬᠦ ᠳ᠋ᠦ᠍ ᠮᠠᠨ ᠤ᠋ ᠳ᠋ᠤ᠌ ᠵᠠᠭᠤ ᠶ᠋ᠢᠨ ᠲᠠᠯ᠎ᠠ ᠠ᠋ᠴᠠ ᠳᠡᠭᠡᠭᠰᠢ ᠨᠠᠰᠤᠲᠠᠨ222 ᠭᠠᠷᠤᠢ ᠪᠠᠢᠭ᠎ᠠ ᠪᠥᠭᠡᠳ ᠲᠡᠳᠡᠭᠡᠷ ᠦ᠋ᠨ46.5% ᠨᠢ ᠡᠷᠡᠭᠲᠡᠢ᠂ ᠦᠯᠡᠳᠡᠭᠰᠡᠨ ᠬᠤᠪᠢ ᠨᠢ ᠡᠮᠡᠭᠲᠡᠢ ᠠᠵᠤᠭᠤ᠃ ᠭᠡᠪᠡᠴᠦ ᠶᠠᠭᠤ ᠲᠡᠳᠡᠨ ᠳ᠋ᠦ᠍ ᠵᠣᠷᠢᠭᠤᠯᠤᠭᠰᠠᠨ ᠭᠠᠷ ᠤ᠋ᠨ ᠠᠪᠤᠯᠭ᠎ᠠ᠂ ᠯᠧᠺᠼᠢ᠂ ᠵᠥᠪᠯᠡᠮᠵᠢ ᠲᠡᠷᠡ ᠪᠦᠷᠢ ᠶ᠋ᠢᠨ ᠪᠡᠯᠡᠨ ᠵᠠᠯᠠᠨ ᠪᠠᠢᠬᠤ ᠦᠭᠡᠢ ᠪᠠᠢᠭ᠎ᠠ ᠶ᠋ᠢ ᠮᠡᠳᠡᠭᠰᠡᠭᠡᠷ᠂ ᠣᠢᠯᠭᠠᠭᠰᠠᠭᠠᠷ ᠪᠠᠢᠵᠤ᠂ ᠴᠢᠰᠤ ᠰᠢᠩᠭᠡᠨ ᠴᠦ᠍ ᠭᠡᠯᠡ ᠭᠡᠰᠡᠨ ᠡᠮᠴᠢ ᠬᠥᠮᠦᠨ ᠦ᠌ ᠬᠤᠪᠢ ᠳ᠋ᠤ᠌᠂ ᠪᠠᠰᠠ ᠡᠷ᠎ᠡ ᠡᠮ᠎ᠡ ᠶ᠋ᠢᠨ ᠶᠣᠰᠣᠨ ᠰᠤᠳᠤᠯᠤᠭᠴᠢ ᠶ᠋ᠢᠨ ᠬᠤᠪᠢ ᠳ᠋ᠤ᠌ ᠪᠤᠶᠠᠨ ᠪᠣᠯᠬᠤ ᠮᠠᠭᠠᠳ ᠭᠡᠮᠡᠨ ᠮᠡᠬᠦᠰᠬᠡᠨ ᠣᠶᠤᠨ ᠪᠣᠳᠣᠯ ᠢ᠋ᠶ᠋ᠠᠨ ᠰᠢᠷᠭᠢᠭᠡᠨ ᠪᠠᠢᠵᠤ ᠡᠨᠡ ᠪᠦᠬᠦᠨ ᠢ᠋ ᠲᠠ ᠪᠦᠬᠦᠨ ᠳ᠋ᠡᠭᠡᠨ ᠲᠣᠯᠢᠯᠠᠭᠤᠯᠵᠤ ᠪᠣᠢ ᠨᠢ ᠡᠨᠡ ᠪᠥᠯᠥᠭᠡ᠃ ᠡᠢᠨᠬᠦ᠂ ᠪᠤᠴᠠᠬᠤ ᠳ᠋ᠤ᠌ ᠠᠯᠠᠭ ᠦᠭᠡᠢ ᠬᠥᠮᠦᠨ ᠦ᠌ ᠣᠷᠴᠢᠯᠠᠩ ᠳ᠋ᠤ᠌ ᠲᠥᠷᠥᠵᠦ ᠥᠰᠦᠭᠡᠳ᠂ ᠡᠪᠦᠭᠡᠷᠡᠵᠦ ᠥᠲᠡᠯᠬᠦ ᠨᠢ ᠪᠠᠢᠭᠠᠯᠢ ᠶ᠋ᠢᠨ ᠵᠢᠮ᠎ᠡ ᠶᠣᠰᠣᠨ ᠤ᠋ ᠬᠣᠢᠨ᠎ᠠ ᠲᠡᠭᠦᠨ ᠢ᠋ ᠳᠠᠭᠠᠷᠢᠬᠤ ᠦᠭᠡᠢ᠂ ᠲᠣᠭᠣᠷᠢᠨ ᠭᠠᠷᠬᠤ ᠬᠡᠨ ᠪᠠᠢᠬᠤᠪ᠃ ᠬᠥᠮᠦᠨ ᠪᠦᠬᠦᠨ ᠦᠵᠡᠵᠦ ᠥᠩᠭᠡᠷᠡᠭᠦᠯᠬᠦ ᠲᠠᠪᠢᠯᠠᠩ ᠲᠠᠢ ᠡᠨᠡᠬᠦ ᠪᠢᠣᠯᠣᠭᠢ ᠶ᠋ᠢᠨ ᠨᠡᠢᠲᠡᠯᠢᠭ ᠦᠵᠡᠭᠳᠡᠯ ᠨᠢ ᠬᠡᠨ ᠦ᠌ ᠴᠦ᠍ ᠰᠠᠨᠠᠭᠠᠨ ᠳ᠋ᠤ᠌ ᠣᠷᠣᠮ᠎ᠠ ᠦᠭᠡᠢ ᠨᠠᠷᠢᠨ ᠵᠦᠢ ᠲᠣᠭᠲᠠᠭᠠᠯ ᠲᠠᠢ ᠠᠵᠠᠢ᠃ ᠲᠤᠬᠠᠢᠯᠠᠪᠠᠯ᠂ ᠬᠥᠮᠦᠨ ᠦ᠌ ᠪᠡᠶ᠎ᠡ ᠮᠠᠬᠠᠪᠣᠳ ᠤ᠋ᠨ ᠶᠠᠩᠵᠤ ᠪᠦᠷᠢ ᠶ᠋ᠢᠨ ᠡᠷᠬᠡᠲᠡᠨ᠂ ᠰᠢᠰᠲ᠋ᠧᠮ ᠦ᠋ᠳ ᠳᠠᠭᠤ ᠳᠠᠭᠤ ᠪᠠᠨ ᠠᠪᠤᠯᠴᠠᠭᠰᠠᠨ ᠶᠤᠮ ᠰᠢᠭ᠋ ᠨᠢᠭᠡᠨ ᠵᠡᠷᠭᠡ《ᠥᠲᠡᠯᠬᠦ ᠦᠭᠡᠢ》 ᠨᠢ ᠭᠠᠢᠬᠠᠯᠲᠠᠢ᠃ ᠨᠢᠭᠡ ᠦᠭᠡ ᠪᠡᠷ ᠬᠡᠯᠡᠪᠡᠯ᠂ ᠥᠲᠡᠯᠬᠦ ᠦᠢᠯᠡ ᠶᠠᠪᠤᠴᠠ ᠡᠷᠬᠡᠲᠡᠨ᠂ ᠰᠢᠰᠲ᠋ᠧᠮ ᠪᠣᠯᠭᠠᠨ ᠳ᠋ᠤ᠌ ᠴᠠᠭ ᠬᠤᠭᠤᠴᠠᠭᠠᠨ ᠤ᠋ ᠬᠤᠪᠢ ᠳ᠋ᠤ᠌ ᠡᠷᠲᠡ᠂ ᠣᠷᠣᠢ᠂ ᠬᠠᠷᠢᠯᠴᠠᠨ ᠠᠳᠠᠯᠢ ᠦᠭᠡᠢ᠂《ᠲᠡᠭᠰᠢ ᠭᠡᠮ ᠦᠭᠡᠢ》 ᠶᠠᠪᠤᠭᠳᠠᠳᠠᠭ ᠠᠵᠠᠢ᠃ ᠲᠡᠢᠮᠦ ᠡᠴᠡ ᠨᠠᠰᠤ ᠰᠠᠴᠠᠭᠤᠳᠠᠨ ᠨᠤᠭᠤᠳ ᠪᠡᠯᠭᠡ ᠶ᠋ᠢᠨ ᠦᠢᠯᠡ ᠠᠵᠢᠯᠯᠠᠭ᠎ᠠ ᠨᠢ ᠪᠠᠭᠤᠷᠠᠬᠤ ᠦᠶ᠎ᠡ ᠬᠥᠮᠦᠨ ᠪᠣᠯᠭᠠᠨ ᠳ᠋ᠤ᠌ ᠣᠨᠳᠣᠣ ᠣᠨᠳᠣᠣ ᠪᠠᠢᠨ᠎ᠠ᠃ ᠲᠤᠬᠠᠢᠯᠠᠪᠠᠯ᠂ ᠵᠢᠷᠠ ᠬᠦᠷᠦᠭᠰᠡᠨ ᠨᠠᠰᠤᠲᠠᠨ ᠨᠤᠭᠤᠳ ᠤ᠋ᠨ ᠨᠢᠭᠡ ᠬᠡᠰᠡᠭ ᠨᠢ ᠠᠯᠢ ᠬᠡᠳᠦᠢᠨᠡᠢ《ᠠᠵᠢᠯ ᠬᠥᠨᠳᠡᠢᠷᠡᠭᠰᠡᠨ》 ᠪᠠᠢᠬᠤ ᠳ᠋ᠤ᠌ ᠨᠥᠭᠦᠭᠡ ᠬᠡᠰᠡᠭ ᠨᠢ ᠪᠡᠯᠭᠡ ᠶ᠋ᠢᠨ ᠴᠢᠯᠬ᠎ᠠ ᠪᠠᠨ ᠬᠠᠳᠠᠭᠠᠯᠠᠭᠰᠠᠭᠠᠷ ᠪᠠᠢᠬᠤ ᠪᠠᠷ ᠦᠯᠦ ᠪᠠᠷᠠᠮ ᠳᠠᠯ᠎ᠠ᠂ ᠨᠠᠶᠠ᠂ ᠶᠡᠷᠡ ᠬᠦᠷᠲᠡᠯ᠎ᠡ ᠶᠠᠩᠵᠤ ᠪᠠᠷ ᠢ᠋ᠶ᠋ᠠᠨ ᠪᠠᠢᠬᠤ᠂ ᠨᠠᠰᠤ ᠭᠠᠷᠤᠭᠰᠠᠨ ᠴᠦ᠍ ᠵᠠᠯᠠᠭᠤᠬᠠᠨ ᠡᠬᠡᠨᠡᠷ ᠲᠡᠢ ᠰᠠᠢᠨ ᠰᠠᠢᠬᠠᠨ ᠠᠮᠢᠳᠤᠷᠠᠵᠤ ᠶᠠᠪᠤᠭ᠎ᠠ ᠤᠯᠤᠰ ᠪᠢᠰᠢᠭᠦᠢ ᠪᠣᠢ᠃ ᠡᠵᠡᠨ ᠴᠢᠩᠭᠢᠰ ᠦ᠋ᠨ ᠤᠳᠤᠮ ᠲᠠᠢ ᠪᠢᠳᠡᠨ ᠦ᠌ ᠮᠣᠩᠭᠣᠯᠴᠤᠳ ᠪᠡᠯᠭᠡ ᠶ᠋ᠢᠨ ᠴᠢᠳᠠᠪᠬᠢ(ᠴᠢᠯᠬ᠎ᠠ) ᠰᠠᠢᠲᠠᠢ ᠪᠠᠷ ᠢ᠋ᠶ᠋ᠠᠨ ᠳᠡᠯᠡᠬᠡᠢ ᠳ᠋ᠦ᠍ ᠵᠠᠷ ᠲᠠᠢ ᠤᠯᠤᠰ ᠭᠡᠬᠦ ᠳ᠋ᠦ᠍ ᠦᠭᠡᠢ ᠭᠡᠬᠦ ᠭᠠᠵᠠᠷ ᠦᠭᠡᠢ᠃ ᠶᠠᠮᠠᠷ ᠰᠤᠯᠠ ᠳᠣᠷᠣᠢ ᠪᠠᠢᠲᠠᠯ᠎ᠠ ᠳᠠᠯ᠎ᠠ ᠭᠠᠷᠤᠭᠰᠠᠨ ᠬᠥᠭᠰᠢᠳ ᠬᠦᠷᠲᠡᠯ᠎ᠡ《 ᠪᠡᠨ ᠰᠥᠨᠢ ᠶ᠋ᠢᠨ ᠨᠢᠭᠡ ᠡᠴᠡ ᠢᠯᠡᠭᠦᠦ ᠴᠢᠳᠠᠬᠤ ᠪᠠᠨ ᠪᠣᠯᠢᠭᠠᠳ ᠪᠠᠢᠨ᠎ᠠ᠁》 ᠭᠡᠵᠦ ᠴᠢᠮᠠᠯᠠᠨ ᠰᠠᠭᠤᠬᠤ ᠪᠢᠯᠡ᠃ ᠡᠭᠦᠨ ᠢ᠋ ᠵᠥᠪᠯᠡᠯᠲᠦ ᠶ᠋ᠢᠨ ᠢᠷᠠᠭᠤ ᠨᠠᠢᠷᠠᠭᠴᠢ ᠶᠧ᠂ ᠶᠸᠪᠲ᠋ᠤᠱᠸᠨᠺᠦ ᠮᠠᠨ ᠤ᠋ ᠤᠯᠤᠰ ᠲᠤ᠌ ᠬᠦᠷᠦᠯᠴᠡᠨ ᠢᠷᠡᠭᠰᠡᠨ ᠦ᠌ ᠳᠠᠷᠠᠭ᠎ᠠ1980 ᠣᠨ ᠤ᠋ ᠰᠡᠭᠦᠯᠴᠢ ᠪᠡᠷ ᠠᠮᠧᠷᠢᠺᠠ ᠶ᠋ᠢᠨ《ᠯᠠᠢᠹ》 ᠰᠡᠳᠬᠦᠯ ᠳ᠋ᠦ᠍ ᠠᠩᠬ᠎ᠠ ᠪᠢᠴᠢᠵᠦ ᠬᠡᠪᠯᠡᠭᠦᠯᠦᠭᠰᠡᠨ ᠲᠡᠮᠳᠡᠭᠯᠡᠯ ᠡᠴᠡ ᠴᠦ᠍ ᠦᠵᠡᠭᠰᠡᠨ ᠲᠣᠪ ᠲᠣᠳᠣᠷᠬᠠᠢ ᠪᠠᠢᠨ᠎ᠠ᠃ ᠭᠡᠪᠡᠴᠦ ᠮᠠᠨᠠᠢᠬᠢᠨ ᠥᠪᠡᠷᠰᠡᠳ ᠢ᠋ ᠪᠡᠨ ᠪᠠᠰᠤᠮᠵᠢᠯᠠᠭᠰᠠᠨ ᠬᠠᠴᠢᠨ ᠤᠯᠤᠰ᠃
ᠭᠠᠳᠠᠭᠠᠳᠤ ᠶ᠋ᠢᠨ ᠵᠠᠷᠢᠮ ᠬᠠᠮᠲᠤᠯᠢᠭ ᠠᠶ᠎ᠠ ᠳᠠᠭᠤᠨ ᠳ᠋ᠠᠭᠠᠨ ᠬᠦᠷᠲᠡᠯ᠎ᠡ ᠴᠢᠩᠭᠢᠰ ᠬᠠᠭᠠᠨ ᠢ᠋ ᠮᠢᠨᠢ ᠰᠢᠲᠦᠨ ᠪᠢᠰᠢᠷᠡᠵᠦ ᠪᠠᠢᠬᠤ ᠳ᠋ᠤ᠌ ᠪᠢᠳᠡ ᠲᠡᠭᠦᠨ ᠦ᠌ ᠬᠠᠯᠠᠭᠤᠨ ᠮᠢᠬ᠎ᠠ᠂ ᠴᠢᠰᠤᠨ ᠤ᠋ ᠲᠠᠰᠤᠷᠬᠠᠢ᠂ ᠬᠠᠪᠲᠠᠭᠠᠢ ᠶᠠᠰᠤᠨ ᠤ᠋ ᠬᠡᠯᠲᠡᠷᠬᠡᠢ ᠨᠢ ᠮᠥᠷᠲᠡᠭᠡᠨ ᠰᠠᠶᠢᠬᠠᠨ ᠪᠣᠯᠲᠠᠯ᠎ᠠ ᠨᠡᠷ᠎ᠡ ᠠᠯᠳᠠᠷ ᠢ᠋ ᠨᠢ ᠬᠡᠯᠡᠬᠦ ᠡᠴᠡ ᠠᠶᠤᠳᠠᠭ᠂ ᠪᠣᠯᠭᠣᠮᠵᠢᠯᠠᠳᠠᠭ ᠪᠠᠢᠯ᠎ᠠ ᠰᠢᠦ ᠳᠡ᠃ ᠪᠢᠳᠡᠨ ᠦ᠌ ᠮᠣᠩᠭᠣᠯᠴᠤᠳ ᠴᠥᠭᠡᠨ ᠴᠦ᠍ ᠳᠡᠯᠡᠬᠡᠢ ᠶ᠋ᠢ ᠳᠣᠩᠰᠣᠯᠭᠠᠭᠰᠠᠨ ᠠᠯᠳᠠᠷ ᠴᠤᠤ ᠲᠠᠢ ᠤᠯᠤᠰ᠃ ᠨᠠᠰᠤᠲᠠᠢ ᠬᠥᠮᠦᠨ ᠦ᠌ ᠬᠡᠦᠬᠡᠳ ᠪᠡᠶ᠎ᠡ ᠰᠤᠯᠠᠲᠠᠢ ᠪᠠᠢᠳᠠᠭ ᠨᠢ ᠦᠨᠡᠨ ᠦ᠌ ᠬᠤᠪᠢ ᠲᠠᠢ ᠪᠣᠯᠪᠠᠴᠤ ᠪᠠᠰᠠ ᠵᠠᠪᠠᠯ ᠲᠡᠢᠮᠦ ᠪᠠᠢᠬᠤ ᠠᠯᠪᠠ ᠲᠠᠢ ᠴᠦ᠍ ᠪᠢᠰᠢ᠃ ᠨᠠᠰᠤᠲᠠᠢ ᠬᠥᠮᠦᠨ ᠡᠴᠡ ᠬᠣᠷᠸ᠎ᠠ ᠳ᠋ᠤ᠌ ᠬᠣᠣᠰ ᠦᠭᠡᠢ ᠡᠷᠳᠡᠮ ᠲᠡᠢ ᠦᠷ᠎ᠡ ᠵᠠᠶᠠᠭᠠᠬᠤ ᠶ᠋ᠢ ᠠᠯᠢ ᠶ᠋ᠢ ᠲᠡᠷᠡ ᠭᠡᠬᠦ ᠪᠢᠯᠡ᠃ ᠭᠡᠪᠡᠴᠦ ᠨᠠᠰᠤ ᠨᠡᠮᠡᠬᠦ ᠲᠣᠰᠤᠮ ᠪᠢᠳᠡᠨ ᠦ᠌ ᠪᠡᠶ᠎ᠡ ᠳ᠋ᠦ᠍ ᠶᠠᠮᠠᠷ ᠨᠢᠭᠡᠨ ᠡᠮᠭᠡᠭ ᠬᠠᠭᠤᠴᠢ ᠲᠣᠭᠲᠠᠬᠤ ᠠ᠋ᠴᠠ ᠭᠠᠳᠠᠨ᠎ᠠ ᠢᠯᠭᠠᠷᠠᠨ ᠭᠠᠷᠬᠤ ᠦᠷ᠎ᠡ ᠶ᠋ᠢᠨ ᠰᠢᠩᠭᠡᠨ ᠬᠡᠮᠵᠢᠶ᠎ᠡ ᠪᠠᠭᠠᠰᠴᠤ᠂ ᠡᠷ᠎ᠡ ᠪᠡᠯᠭᠡ ᠶ᠋ᠢᠨ ᠡᠰ ᠦ᠋ᠨ ᠲᠣᠭ᠎ᠠ ᠴᠥᠭᠡᠷᠡᠵᠦ᠂ ᠬᠥᠳᠡᠯᠭᠡᠨ ᠨᠢ ᠮᠠᠭᠤᠳᠠᠬᠤ ᠬᠠᠨᠳᠤᠯᠭ᠎ᠠ ᠲᠠᠢ ᠪᠣᠯᠳᠠᠭ᠃ ᠡᠨᠡ ᠪᠦᠬᠦᠨ ᠲᠥᠷᠥᠬᠦ ᠬᠡᠦᠬᠡᠳ ᠦ᠋ᠨ ᠡᠷᠡᠭᠦᠯ ᠮᠡᠨᠳᠦ ᠳ᠋ᠦ᠍ ᠶᠠᠮᠠᠷ ᠨᠢᠭᠡᠨ ᠬᠡᠮᠵᠢᠶ᠎ᠡ ᠪᠡᠷ ᠨᠥᠯᠥᠭᠡᠯᠡᠬᠦ ᠨᠢ ᠬᠠᠷ᠎ᠠ ᠬᠠᠷ᠎ᠠ ᠤᠬᠠᠭᠠᠨ ᠢ᠋ᠶ᠋ᠠᠷ ᠪᠣᠳᠣᠭᠰᠠᠨ ᠴᠦ᠍ ᠪᠣᠳᠣᠭᠠᠴᠢ ᠶ᠋ᠢᠨ ᠬᠡᠷᠡᠭ᠃ ᠲᠡᠭᠦᠨᠴᠢᠯᠡᠨ ᠲᠠᠷᠭᠤᠯᠠᠬᠤ᠂ ᠲᠤᠷᠠᠬᠤ᠂ ᠪᠡᠶ᠎ᠡ ᠶᠠᠳᠠᠷᠠᠬᠤ ᠰᠡᠳᠬᠢᠯ ᠦ᠋ᠨ ᠡᠯᠳᠡᠪ ᠳᠠᠷᠤᠯᠲᠠ ᠴᠦ᠍ ᠪᠠᠭ᠎ᠠ ᠦᠭᠡᠢ ᠨᠥᠯᠥᠭᠡ ᠲᠡᠢ᠃ ᠡᠢᠮᠦ ᠨᠥᠬᠥᠴᠡᠯ ᠳ᠋ᠦ᠍ ᠲᠥᠷᠥᠭᠰᠡᠨ ᠬᠡᠦᠬᠡᠳ ᠪᠡᠶ᠎ᠡ ᠶ᠋ᠢᠨ ᠡᠰᠡᠷᠭᠦᠴᠡᠯ ᠮᠠᠭᠤᠲᠠᠢ ᠪᠠᠢᠬᠤ ᠠ᠋ᠴᠠ ᠭᠠᠳᠠᠨ᠎ᠠ ᠣᠶᠤᠨ ᠤ᠋ ᠬᠣᠮᠰᠠᠳᠠᠯ ᠵᠡᠷᠭᠡ ᠮᠡᠳᠡᠷᠡᠯ— ᠰᠡᠳᠬᠢᠴᠡ ᠶ᠋ᠢᠨ ᠵᠠᠷᠢᠮ ᠡᠪᠡᠳᠴᠢᠨ ᠡᠮᠭᠡᠭ ᠢᠯᠡᠷᠡᠬᠦ ᠨᠢ ᠢᠯᠡᠭᠦᠦ ᠪᠠᠢᠳᠠᠭ᠃ ᠲᠠᠪᠢ ᠭᠠᠷᠤᠭᠰᠠᠨ ᠡᠷ᠎ᠡ ᠬᠥᠮᠦᠨ ᠦᠷ᠎ᠡ ᠲᠣᠭᠲᠠᠭᠠᠬᠤ ᠴᠢᠳᠠᠪᠤᠷᠢ ᠪᠠᠨ ᠬᠠᠳᠠᠭᠠᠯᠠᠬᠤ ᠪᠣᠯᠪᠠᠴᠤ ᠪᠡᠯᠭᠡ ᠶ᠋ᠢᠨ ᠴᠢᠳᠠᠪᠤᠷᠢ(ᠴᠢᠯᠬ᠎ᠠ) ᠬᠠᠷᠢᠭᠰᠠᠨ ᠪᠠᠢᠳᠠᠭ᠃ ᠲᠡᠢᠮᠦ ᠡᠴᠡ ᠥᠴᠢᠨᠡᠨ ᠵᠢᠯ ᠬᠠᠨᠢᠯᠠᠭᠰᠠᠨ ᠬᠠᠨᠢ ᠲᠠᠢ ᠪᠠᠨ ᠴᠣᠭ ᠤᠨᠲᠠᠬᠤ ᠬᠦᠰᠡᠯᠡᠩ ᠪᠠᠢᠪᠠᠴᠤ ᠳᠥᠩᠭᠡᠬᠦ ᠦᠭᠡᠢ ᠪᠣᠯᠤᠭᠰᠠᠨ ᠳ᠋ᠤ᠌ ᠰᠡᠳᠬᠢᠯ ᠰᠠᠨᠠᠭ᠎ᠠ ᠨᠢ ᠪᠠᠬᠠᠨ ᠬᠢᠮᠤᠷᠠᠵᠤ᠂ ᠭᠤᠲᠤᠷᠠᠵᠤ ᠶᠠᠪᠤᠬᠤ ᠨᠢ ᠴᠦ᠍ ᠪᠣᠢ᠃ ᠢᠯᠠᠩᠭᠤᠶ᠎ᠠ ᠨᠠᠰᠤᠨ ᠤ᠋ ᠵᠥᠷᠢᠶ᠎ᠡ ᠶᠡᠬᠡ ᠪᠣᠯ ᠪᠦᠷ ᠴᠢᠭ ᠶᠠᠭ ᠦᠭᠡᠢ᠃ ᠡᠢᠮᠦ ᠳ᠋ᠦ᠍ ᠦᠶ᠎ᠡ ᠮᠤᠯᠲᠤᠷᠠᠭᠰᠠᠨ ᠳᠡᠭᠦᠦ ᠬᠥᠮᠦᠨ ᠲᠡᠢ ᠲᠣᠯᠣᠭᠠᠢ ᠬᠣᠯᠪᠣᠪᠠᠯ ᠬᠣᠵᠢᠮ ᠤ᠋ᠨ ᠡᠳᠦᠷ ᠰᠡᠳᠬᠢᠯ ᠦ᠋ᠨ ᠪᠥᠭᠡᠮ ᠵᠣᠪᠠᠯᠠᠩ ᠳ᠋ᠤ᠌ ᠤᠨᠠᠬᠤ ᠪᠣᠢ! ᠨᠥᠬᠥᠷ ᠨᠢ ᠲᠠᠪᠢ ᠭᠠᠷᠴᠤ ᠪᠠᠢᠬᠤ ᠳ᠋ᠤ᠌ ᠡᠬᠡᠨᠡᠷ ᠨᠢ ᠢᠳᠡ ᠵᠠᠯᠠᠭᠤ ᠪᠠᠷ ᠢ᠋ᠶ᠋ᠠᠨ᠂ ᠳᠥᠩᠭᠡᠵᠢ ᠭᠤᠴᠢ᠂ ᠭᠤᠴᠢᠨ ᠲᠠᠪᠤᠲᠠᠢ ᠪᠠᠢᠵᠤ ᠪᠣᠯᠬᠤ ᠰᠢᠦ ᠳᠡ᠃ ᠨᠠᠰᠤᠨ ᠤ᠋ ᠡᠢᠮᠦ ᠶᠡᠬᠡ ᠬᠣᠯᠠ ᠵᠥᠷᠢᠶ᠎ᠡ ᠲᠡᠢ ᠬᠥᠮᠦᠰ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠪᠠᠷ ᠬᠣᠭᠣᠷᠣᠨᠳᠣ ᠪᠠᠨ ᠦᠶ᠎ᠡ ᠳᠠᠩ ᠤ᠋ᠨ ᠤᠯᠤᠰ ᠰᠢᠭ᠋ ᠪᠠᠢᠵᠤ ᠴᠢᠳᠠᠨ᠎ᠠ ᠭᠡᠵᠢ ᠤᠤ ᠳᠠ᠃ ᠡᠭᠦᠨ ᠡᠴᠡ ᠪᠣᠯᠤᠭᠠᠳ ᠡᠷᠦᠬᠡ ᠭᠡᠷ ᠦ᠋ᠨ ᠡᠪ ᠲᠥᠨᠵᠢᠨ ᠬᠠᠭᠠᠷᠠᠵᠤ ᠪᠤᠲᠠᠷᠠᠬᠤ ᠶ᠋ᠢ ᠬᠡᠨ ᠡᠰᠡ ᠮᠡᠳᠡᠬᠦ ᠪᠢᠯᠡ ᠳᠠ᠃ ᠭᠡᠪᠡᠴᠦ ᠡᠪ ᠨᠠᠢᠷᠠᠮᠳᠠᠯ ᠲᠠᠢ᠂ ᠥᠨᠢᠷ ᠥᠳᠬᠡᠨ ᠭᠡᠷ ᠪᠦᠯᠢ ᠪᠠᠢᠳᠠᠭ ᠢ᠋ ᠴᠦ᠍ ᠠᠯᠢ ᠶ᠋ᠢ ᠲᠡᠷᠡ ᠭᠡᠬᠦᠪ᠃
50—60 ᠨᠠᠰᠤ ᠪᠣᠯ ᠪᠣᠳᠣᠵᠤ ᠰᠡᠳᠬᠢᠬᠦ ᠪᠦᠲᠦᠭᠡᠵᠦ ᠲᠤᠭᠤᠷᠪᠢᠬᠤ ᠶ᠋ᠢᠨ ᠬᠤᠪᠢ ᠳ᠋ᠤ᠌ ᠠᠨᠤᠬᠠᠨ ᠨᠠᠰᠤ ᠪᠢᠯᠡ᠃ ᠭᠡᠲᠡᠯ᠎ᠡ ᠮᠠᠨᠠᠢᠬᠢᠨ ᠳᠥᠩᠭᠡᠵᠢ ᠳᠥᠴᠢ ᠬᠦᠷᠦᠭᠡᠳ ᠥᠲᠡᠯᠵᠦ ᠡᠪᠦᠭᠡᠷᠡᠬᠦ ᠶ᠋ᠢᠨ ᠲᠤᠬᠠᠢ ᠶᠠᠷᠢᠵᠤ ᠡᠬᠢᠯᠡᠳᠡᠭ ᠨᠢ ᠮᠥᠨ ᠴᠦ᠍ ᠲᠤᠰᠠ ᠦᠭᠡᠢ ᠠ᠋᠃ 40 ᠨᠠᠰᠤᠨ ᠳ᠋ᠤ᠌ ᠠᠮᠢᠳᠤᠷᠠᠯ ᠡᠬᠢᠯᠡᠳᠡᠭ ᠭᠡᠵᠦ ᠬᠣᠱᠣᠩᠨᠠᠳᠠᠭ ᠨᠢ ᠤᠴᠢᠷ ᠲᠠᠢ᠃ ᠳᠥᠴᠢ ᠳᠠᠪᠠᠭᠰᠠᠨ ᠡᠷ᠎ᠡ᠂ ᠳᠥᠷᠪᠡ ᠪᠡᠨ ᠳᠠᠷᠤᠭᠰᠠᠨ ᠠᠳᠠ ᠭᠡᠵᠦ ᠶᠣᠰᠣᠲᠠᠢ ᠯᠠ ᠤᠬᠠᠭᠠᠨ ᠲᠣᠭᠲᠠᠵᠤ ᠬᠦᠴᠦ ᠲᠠᠮᠢᠷ ᠲᠡᠩᠴᠡᠵᠦ᠂ ᠭᠠᠷ ᠲᠠᠭᠠᠨ ᠴᠦ᠍ ᠪᠢᠷ᠎ᠠ ᠲᠠᠢ᠂ ᠰᠡᠳᠬᠢᠯ ᠳ᠋ᠡᠭᠡᠨ ᠴᠦ᠍ ᠬᠦᠴᠦᠲᠡᠢ᠂ ᠨᠠᠰᠤᠨ ᠤ᠋ ᠨᠠᠯᠠᠭᠠᠷ ᠦᠶ᠎ᠡ ᠶ᠋ᠢ ᠮᠣᠩᠭᠣᠯᠴᠤᠳ ᠣᠨᠴᠠ ᠮᠡᠷᠭᠡᠨ ᠬᠡᠯᠡᠵᠡᠢ᠃ ᠦᠨᠡᠨ ᠳ᠋ᠡᠭᠡᠨ ᠭᠡᠬᠦ ᠳ᠋ᠦ᠍ ᠳᠥᠴᠢᠨ ᠨᠠᠰᠤ ᠪᠦᠲᠦᠭᠡᠵᠦ ᠲᠤᠭᠤᠷᠪᠢᠬᠤ ᠢᠳᠡ ᠴᠡᠴᠡᠭᠯᠡᠯᠲᠡᠢ ᠦᠶ᠎ᠡ᠂ ᠤᠬᠠᠭᠠᠨ ᠪᠣᠳᠣᠯ ᠲᠡᠭᠰᠢᠷᠡᠵᠦ᠂ ᠨᠠᠰᠤ ᠲᠣᠭᠲᠠᠵᠤ᠂ ᠨᠠᠮᠪᠠᠭ᠎ᠠ ᠰᠠᠭᠤᠬᠤ ᠰᠠᠢᠬᠠᠨ ᠦᠶ᠎ᠡ ᠶᠦᠮ᠃ ᠭᠡᠪᠡᠴᠦ ᠳᠥᠴᠢ ᠳᠠᠪᠠᠭᠰᠠᠨ ᠡᠷᠡᠴᠦᠳ ᠦ᠋ᠨ ᠭᠤᠷᠪᠠᠨ ᠤ᠋ ᠬᠣᠶᠠᠷ ᠨᠢ ᠲᠠᠮᠠᠬᠢ ᠲᠠᠲᠠᠵᠤ᠂ ᠳᠥᠷᠪᠡᠨ ᠦ᠌ ᠨᠢᠭᠡ ᠨᠢ ᠠᠷᠢᠬᠢ ᠬᠡᠷᠡᠭᠯᠡᠬᠦ ᠡᠴᠡ ᠪᠤᠴᠠᠬᠤ ᠦᠭᠡᠢ ᠪᠠᠢᠨ᠎ᠠ᠃ ᠲᠡᠳᠡ ᠰᠠᠢᠨ ᠡᠬᠡᠨᠡᠷ᠂ ᠦᠷ᠎ᠡ ᠬᠡᠦᠬᠡᠳ ᠦ᠋ᠨ ᠢ᠋ᠶ᠋ᠡᠨ ᠬᠠᠢᠷ᠎ᠠ ᠬᠠᠯᠠᠮᠵᠢ ᠳ᠋ᠤ᠌ ᠲᠦᠰᠢᠭᠯᠡᠵᠦ᠂ ᠭᠡᠷ ᠣᠷᠣᠨ ᠤ᠋ ᠬᠠᠷ᠎ᠠ ᠪᠣᠷᠣ ᠠᠵᠢᠯ ᠳ᠋ᠤ᠌ ᠬᠥᠳᠡᠯᠬᠦ ᠨᠢ ᠪᠠᠭᠠᠰᠤᠭᠰᠠᠭᠠᠷ ᠭᠤᠷᠪᠠᠨ ᠤ᠋ ᠨᠢᠭᠡ ᠨᠢ《ᠭᠦᠵᠡᠭᠡᠯᠡᠵᠡᠢ》᠃ ᠡᠨᠡ《ᠳᠥᠷᠪᠡᠨ ᠪᠡᠷᠬᠡ》 ᠡᠴᠡ ᠪᠣᠯᠤᠭᠠᠳ ᠳᠥᠴᠢ ᠭᠠᠷᠤᠭᠰᠠᠨ ᠡᠷᠡᠴᠦᠳ ᠦ᠋ᠨ ᠵᠢᠷᠦᠬᠡ᠂ ᠲᠠᠷᠢᠬᠢ᠂ ᠡᠯᠢᠭᠡ᠂ ᠠᠭᠤᠰᠬᠢ ᠭᠡᠳ ᠪᠡᠶ᠎ᠡ ᠮᠠᠬᠠᠪᠣᠳ ᠢ᠋ ᠬᠥᠳᠡᠯᠭᠡᠬᠦ ᠭᠣᠣᠯ ᠬᠦᠴᠦ ᠨᠢ ᠥᠪᠡᠷ ᠦ᠋ᠨ ᠪᠤᠷᠤᠭᠤ ᠠ᠋ᠴᠠ《ᠲᠠᠮᠢᠷᠳᠠᠵᠤ》 ᠡᠬᠢᠯᠡᠨ᠎ᠡ᠃ ᠢᠩᠭᠢᠭᠡᠳ ᠯᠡ ᠵᠢᠷᠦᠬᠡᠨ ᠦ᠌ ᠪᠤᠯᠴᠢᠷᠬᠠᠢ ᠶ᠋ᠢᠨ ᠰᠢᠭᠢᠳᠬᠡᠰᠦ᠂ ᠵᠢᠷᠦᠬᠡᠨ ᠦ᠌ ᠴᠢᠰᠤ ᠲᠠᠰᠤᠯᠳᠠᠬᠤ᠂ ᠴᠠᠰᠤᠨ ᠤ᠋ ᠳᠠᠷᠤᠯᠲᠠ ᠶᠡᠬᠡᠰᠬᠦ ᠡᠪᠡᠳᠴᠢᠨ ᠳ᠋ᠦ᠍ ᠢᠯᠡᠭᠦᠦ ᠥᠷᠲᠥᠭᠳᠡᠨᠡ᠃ ᠮᠥᠨ ᠰᠢᠬᠢᠷ ᠰᠢᠵᠢᠩ᠂ ᠬᠠᠮᠠᠷ ᠬᠣᠭᠣᠯᠠᠢ᠂ ᠪᠦᠳᠦᠭᠦᠨ ᠭᠡᠳᠡᠰᠦ᠂ ᠲᠦᠷᠦᠭᠦᠦ ᠪᠤᠯᠴᠢᠷᠬᠠᠢ ᠶ᠋ᠢᠨ ᠬᠠᠪᠤᠳᠠᠷ ᠵᠡᠷᠭᠡ ᠡᠪᠡᠳᠴᠢᠨ ᠡᠮᠭᠡᠭ ᠦ᠋ᠨ《ᠳᠣᠬᠢᠶ᠎ᠠ》 ᠮᠡᠳᠡᠭᠳᠡᠵᠦ ᠡᠬᠢᠯᠡᠨ᠎ᠡ᠃ ᠤᠯᠠᠮ ᠢ᠋ᠶ᠋ᠠᠷ ᠠᠬᠢᠮᠠᠭ ᠨᠠᠰᠤ ᠪᠠ ᠥᠲᠡᠯ᠎ᠡ ᠨᠠᠰᠤᠨ ᠳ᠋ᠤ᠌ ᠬᠥᠮᠦᠨ ᠦ᠌ ᠪᠡᠶ᠎ᠡ ᠮᠠᠬᠠᠪᠣᠳ ᠤ᠋ᠨ ᠶᠠᠩᠵᠤ ᠪᠦᠷᠢ ᠶ᠋ᠢᠨ ᠡᠷᠬᠡᠲᠡᠨ᠂ ᠰᠢᠰᠲ᠋ᠧᠮ ᠳ᠋ᠦ᠍ ᠣᠯᠠᠨ ᠲᠣᠭᠠᠨ ᠤ᠋ ᠡᠮᠭᠡᠭ ᠬᠠᠭᠤᠴᠢ ᠢᠯᠡᠷᠡᠨ᠎ᠡ᠃ ᠲᠡᠳᠡᠭᠡᠷ ᠢ᠋ ᠭᠠᠳᠠᠭᠠᠳᠤ ᠶᠡᠬᠡ ᠳᠠᠯᠠᠢ ᠳ᠋ᠤ᠌ ᠬᠦᠪᠦᠵᠦ ᠪᠠᠢᠭ᠎ᠠ ᠮᠥᠰᠥᠨ ᠠᠭᠤᠯᠠ ᠲᠠᠢ ᠵᠦᠢᠷᠯᠡᠨ ᠦᠵᠡᠵᠦ ᠪᠣᠯᠤᠨ᠎ᠠ᠃ ᠮᠥᠰᠥᠨ ᠠᠭᠤᠯᠠ ᠶ᠋ᠢᠨ ᠭᠠᠳᠠᠭᠠᠳᠤ ᠶ᠋ᠢᠨ6/7 ᠭᠠᠷᠤᠢ ᠬᠤᠪᠢ ᠨᠢ ᠤᠰᠤᠨ ᠳ᠋ᠤ᠌ ᠬᠠᠯᠬᠠᠯᠠᠭᠳᠠᠭᠰᠠᠨ ᠪᠠᠢᠳᠠᠭ ᠰᠢᠭ᠋ ᠨᠠᠰᠤᠲᠠᠢ ᠬᠥᠮᠦᠨ ᠦ᠌ ᠪᠡᠶ᠎ᠡ ᠳ᠋ᠦ᠍ ᠣᠯᠠᠨ ᠡᠮᠭᠡᠭ ᠬᠠᠭᠤᠴᠢ《ᠰᠢᠷᠭᠤᠯᠠᠨ ᠨᠢᠭᠤᠭᠳᠠᠭᠰᠠᠨ》 ᠪᠠᠢᠨ᠎ᠠ᠃ ᠡᠢᠮᠦ ᠳ᠋ᠦ᠍ ᠠᠬᠢᠮᠠᠭ ᠪᠠ ᠥᠲᠡᠯ᠎ᠡ ᠨᠠᠰᠤᠨ ᠤ᠋ ᠬᠥᠮᠦᠨ ᠦ᠌ ᠪᠡᠶ᠎ᠡ ᠶ᠋ᠢᠨ ᠬᠢᠭᠡᠳ ᠰᠡᠳᠬᠢᠴᠡ ᠶ᠋ᠢᠨ ᠡᠷᠡᠭᠦᠯ ᠮᠡᠨᠳᠦ ᠶ᠋ᠢ ᠬᠠᠮᠠᠭᠠᠯᠠᠨ ᠪᠡᠬᠢᠵᠢᠭᠦᠯᠵᠦ᠂ ᠲᠡᠳᠡᠨ ᠦ᠌ ᠨᠡᠢᠭᠡᠮ ᠦ᠋ᠨ ᠠᠰᠠᠭᠤᠳᠠᠯ ᠢ᠋ ᠠᠩᠬᠠᠷᠴᠤ ᠦᠵᠡᠬᠦ ᠡᠴᠡ ᠥᠭᠡᠷ᠎ᠡ ᠠᠷᠭ᠎ᠠ ᠦᠭᠡᠢ ᠪᠣᠯᠤᠯ᠎ᠠ᠃ ᠰᠤᠳᠤᠯᠭᠠᠨ ᠠ᠋ᠴᠠ ᠦᠵᠡᠬᠦ ᠳ᠋ᠦ᠍ ᠡᠮᠴᠢ ᠳ᠋ᠦ᠍ ᠣᠴᠢᠵᠤ ᠪᠣᠢ ᠡᠪᠡᠳᠴᠢᠲᠡᠨ ᠦ᠌ ᠪᠠᠷᠤᠭ ᠳᠠᠩ ᠬᠠᠭᠠᠰ ᠨᠢ ᠵᠢᠷᠠ ᠠ᠋ᠴᠠ ᠳᠡᠭᠡᠭᠰᠢ ᠨᠠᠰᠤᠨ ᠤ᠋ ᠬᠥᠮᠦᠰ ᠪᠠᠢᠳᠠᠭ ᠪᠠᠢᠨ᠎ᠠ᠃ ᠬᠥᠮᠦᠨ ᠦ᠌ ᠨᠠᠰᠤ ᠵᠢᠷᠠ ᠱᠦᠷᠭᠦᠭᠡᠬᠦ ᠦᠶ᠎ᠡ ᠶ᠋ᠢᠨ ᠪᠡᠯᠭᠡ ᠶ᠋ᠢᠨ ᠦᠢᠯᠡ ᠠᠵᠢᠯᠯᠠᠭ᠎ᠠ ᠲᠡᠭᠡᠲᠡᠯ᠎ᠡ ᠴᠦ᠍ ᠮᠠᠭᠤᠳᠠᠳᠠᠭ ᠦᠭᠡᠢ ᠤᠴᠢᠷ ᠠ᠋ᠴᠠ ᠥᠨᠳᠥᠷ ᠨᠠᠰᠤᠲᠠᠨ ᠨᠤᠭᠤᠳ ᠤ᠋ᠨ ᠪᠡᠯᠭᠡ ᠶ᠋ᠢᠨ ᠬᠡᠷᠡᠭᠴᠡᠭᠡ ᠱᠠᠭᠠᠷᠳᠠᠯᠭ᠎ᠠ ᠶ᠋ᠢ ᠢᠯᠡᠭᠦᠦ ᠲᠡᠢ ᠠᠩᠬᠠᠷᠴᠤ ᠦᠵᠡᠬᠦ ᠬᠡᠷᠡᠭᠲᠡᠢ᠃ ᠭᠡᠪᠡᠴᠦ ᠨᠢᠭᠡ ᠭᠡᠷ ᠲᠦ᠍ ᠠᠴᠢ ᠭᠤᠴᠢ ᠲᠠᠢ ᠪᠠᠨ ᠠᠵᠤ ᠲᠥᠷᠥᠵᠦ ᠪᠠᠢᠭ᠎ᠠ ᠥᠨᠳᠥᠷ ᠨᠠᠰᠤᠲᠠᠢ ᠬᠣᠣᠰ ᠤ᠋ᠳ ᠲᠤᠰᠠᠭᠠᠷ ᠪᠠᠢᠬᠤ ᠪᠣᠯᠤᠮᠵᠢ ᠦᠭᠡᠢ ᠡᠴᠡ ᠪᠡᠯᠭᠡ ᠶ᠋ᠢᠨ ᠬᠠᠷᠢᠴᠠᠭᠠᠨ ᠤ᠋ ᠬᠢᠨᠢ ᠲᠤᠬᠠᠢ ᠶᠠᠷᠢᠶ᠎ᠠ ᠪᠤᠰᠤᠳ ᠤ᠋ᠨ ᠴᠢᠬᠢ ᠶ᠋ᠢ ᠳᠡᠯᠡᠰᠬᠦ ᠡᠴᠡ ᠡᠮᠢᠶᠡᠵᠦ ᠣᠢᠷᠠᠲᠤᠵᠤ ᠬᠠᠪᠢᠳᠠᠵᠤ ᠴᠢᠳᠠᠳᠠᠭ ᠦᠭᠡᠢ ᠪᠠᠢᠵᠤ ᠮᠠᠭᠠᠳ᠃ ᠭᠡᠬᠦ ᠳ᠋ᠡᠭᠡᠨ ᠥᠨᠳᠥᠷ ᠨᠠᠰᠤᠲᠠᠨ ᠡᠳᠦᠷ ᠲᠡᠭᠡᠨ ᠵᠠᠪ ᠴᠢᠯᠥᠭᠡ ᠶᠡᠬᠡᠲᠡᠢ ᠪᠡᠶ᠎ᠡ ᠪᠡᠶ᠎ᠡ ᠪᠡᠨ ᠡᠨᠡᠷᠢᠨ ᠬᠠᠯᠠᠮᠵᠢᠯᠠᠬᠤ ᠪᠣᠯᠤᠮᠵᠢ ᠶᠡᠬᠡᠲᠡᠢ᠂ ᠵᠢᠷᠮᠦᠰᠦᠯᠡᠬᠦ ᠡᠴᠡ ᠠᠶᠤᠵᠤ ᠡᠮᠢᠶᠡᠬᠦ ᠶᠠᠪᠤᠳᠠᠯ ᠦᠭᠡᠢ ᠪᠠᠢᠳᠠᠭ ᠢ᠋ᠶ᠋ᠠᠷ ᠢ᠋ᠶ᠋ᠠᠨ ᠵᠠᠯᠠᠭᠤᠰ ᠠ᠋ᠴᠠ ᠳᠠᠪᠠᠭᠤ ᠲᠠᠯ᠎ᠠ ᠲᠠᠢ ᠶᠤᠮ᠃ ᠡᠷ᠎ᠡ ᠶ᠋ᠢ ᠨᠠᠰᠤ ᠳᠠᠷᠤᠬᠤ ᠪᠠᠷ ᠪᠡᠯᠭᠡ ᠶ᠋ᠢᠨ ᠴᠢᠯᠬ᠎ᠠ ᠬᠠᠷᠢᠬᠤ ᠨᠢ ᠵᠦᠢ ᠶ᠋ᠢᠨ ᠬᠡᠷᠡᠭ᠃ ᠭᠡᠪᠡᠴᠦ ᠡᠭᠦᠨ ᠢ᠋ ᠨᠠᠰᠤᠲᠠᠨ ᠪᠤᠭᠤᠷᠤᠯ ᠤ᠋ᠳ ᠮᠢᠨᠢ ᠶᠠᠩᠵᠤ ᠶᠠᠩᠵᠤ ᠪᠠᠷ ᠬᠦᠯᠢᠶᠡᠵᠦ ᠠᠪᠤᠨ᠎ᠠ᠃ ᠲᠡᠳᠡᠨ ᠦ᠌ ᠨᠢᠭᠡ ᠬᠡᠰᠡᠭ ᠨᠢ ᠪᠡᠶ᠎ᠡ ᠮᠠᠬᠠᠪᠣᠳ ᠮᠠᠭᠤᠳᠠᠵᠤ᠂ ᠪᠡᠯᠭᠡ ᠶ᠋ᠢᠨ ᠴᠢᠯᠬ᠎ᠠ ᠬᠠᠷᠢᠵᠤ ᠪᠣᠢ ᠳ᠋ᠤ᠌ ᠰᠡᠳᠬᠢᠯ ᠳᠤᠮᠳᠠᠭᠤᠷ᠂ ᠬᠥᠩᠭᠡᠨ ᠭᠤᠨᠢᠭ ᠲᠠᠢ ᠶᠠᠪᠤᠳᠠᠭ᠃ ᠲᠡᠭᠡᠪᠡᠯ ᠨᠥᠭᠦᠭᠡ ᠬᠡᠰᠡᠭ ᠨᠢ ᠲᠡᠭᠦᠨ ᠢ᠋ ᠨᠠᠰᠤᠨ ᠤ᠋ ᠬᠢ ᠬᠣᠢᠨ᠎ᠠ ᠶᠠᠭᠠᠬᠢᠶ᠎ᠠ ᠭᠡᠬᠦᠪ ᠭᠡᠮᠡᠨ ᠰᠡᠳᠬᠢᠯ ᠢ᠋ᠶ᠋ᠡᠨ ᠲᠠᠢᠳᠬᠤᠷᠠᠭᠤᠯᠤᠨᠠ᠃ ᠨᠠᠰᠤ ᠠᠬᠢᠭᠠᠳ ᠢᠷᠡᠬᠦᠯᠡᠷ ᠬᠥᠮᠦᠨ ᠦ᠌ ᠤᠭ ᠤ᠋ᠨ ᠵᠠᠩ ᠤᠯᠠᠮ ᠲᠣᠳᠣᠷᠠᠵᠤ᠂ ᠠᠯᠤᠰ ᠢᠷᠡᠭᠡᠳᠦᠢ ᠪᠡᠨ ᠰᠣᠨᠢᠷᠬᠠᠬᠤ ᠨᠢ ᠪᠠᠭᠤᠷᠠᠵᠤ᠂ ᠬᠠᠭᠤᠴᠢᠨ ᠢ᠋ ᠪᠠᠷᠢᠮᠲᠠᠯᠠᠬᠤ ᠳᠤᠷᠠᠲᠠᠢ ᠪᠣᠯᠤᠨ᠎ᠠ᠃ ᠣᠢᠷ᠎ᠠ ᠲᠥᠷᠥᠯ ᠦ᠋ᠨ ᠬᠥᠮᠦᠨ ᠨᠢ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠵᠦ᠂ ᠬᠠᠳᠠᠨ ᠭᠡᠷ ᠲᠡᠭᠡᠨ ᠣᠴᠢᠬᠤ ᠳ᠋ᠤ᠌ ᠬᠡᠵᠢᠶ᠎ᠡ ᠮᠢᠨᠦ ᠡᠭᠡᠯᠵᠢ ᠢᠷᠡᠬᠦ ᠪᠣᠯ ᠳᠠ ᠭᠡᠮᠡᠨ ᠰᠡᠳᠬᠢᠯ ᠨᠢ ᠲᠦᠭᠰᠢᠨ᠎ᠡ᠃ ᠰᠡᠳᠬᠢᠯ ᠰᠠᠨᠠᠭ᠎ᠠ ᠨᠢ ᠲᠣᠭᠲᠠᠪᠤᠷᠢ ᠦᠭᠡᠢ᠃ ᠭᠣᠮᠣᠳᠠᠵᠤ᠂ ᠪᠠᠶᠠᠷᠯᠠᠬᠤ ᠨᠢ ᠠᠮᠠᠷᠬᠠᠨ᠂ ᠦᠭᠡ ᠳᠠᠭᠠᠭᠠᠬᠤ ᠦᠭᠡᠢ ᠠᠶᠤᠯᠭᠠᠬᠤ ᠨᠢ ᠶᠡᠬᠡᠰᠦᠨ᠎ᠡ᠃ ᠪᠡᠶ᠎ᠡ ᠪᠡᠨ ᠦᠷᠭᠦᠯᠵᠢ ᠴᠢᠩᠨᠠᠨ᠎ᠠ᠂ ᠡᠰᠡᠨ ᠪᠣᠰᠤᠨ ᠡᠪᠡᠳᠴᠢᠨ ᠲᠣᠭᠠᠴᠢᠵᠤ᠂ ᠣᠢᠷ᠎ᠠ ᠶ᠋ᠢᠨ ᠦᠢᠯᠡ ᠶᠠᠪᠤᠳᠠᠯ ᠢ᠋ᠶ᠋ᠠᠨ ᠰᠠᠨᠠᠬᠤ ᠦᠭᠡᠢ᠂ ᠮᠠᠷᠲᠠᠮᠠᠲᠠᠭᠠᠢ ᠪᠣᠯᠬᠤ ᠵᠡᠷᠭᠡ ᠰᠡᠳᠬᠢᠴᠡ ᠶ᠋ᠢᠨ ᠵᠠᠷᠢᠮ ᠥᠭᠡᠷᠡᠴᠢᠯᠡᠯᠲᠡ ᠨᠠᠰᠤᠵᠢᠭᠠᠳ ᠡᠬᠢᠯᠡᠬᠦ ᠪᠡᠷ ᠨᠡᠮᠡᠭᠳᠡᠨ᠎ᠡ᠃ ᠭᠡᠪᠡᠴᠦ ᠠᠬᠠᠮᠠᠳ ᠪᠤᠭᠤᠷᠤᠯ ᠤ᠋ᠳ ᠭᠡᠳᠡᠭ ᠲᠡᠷᠡ ᠠᠶ᠎ᠠ ᠪᠠᠷ ᠢ᠋ᠶ᠋ᠠᠨ ᠠᠷᠭ᠎ᠠ ᠲᠤᠷᠰᠢᠯᠭ᠎ᠠ᠂ ᠡᠷᠳᠡᠮ ᠤᠬᠠᠭᠠᠨ ᠪᠠᠢᠳᠠᠭ ᠬᠣᠢᠨ᠎ᠠ ᠵᠠᠯᠠᠭᠤᠰ ᠲᠤ᠌ ᠶᠡᠬᠡ ᠲᠦᠰᠢᠭ᠂ ᠡᠷᠬᠢᠮ ᠵᠥᠪᠯᠡᠭᠴᠢ ᠨᠢ ᠪᠠᠢᠨ᠎ᠠ᠃ ᠤᠷᠲᠤ ᠨᠠᠰᠤᠯᠠᠵᠤ᠂ ᠤᠳᠠᠭᠠᠨ ᠵᠢᠷᠭᠠᠬᠤ ᠶ᠋ᠢ ᠬᠦᠰᠡᠬᠦ ᠦᠭᠡᠢ ᠬᠡᠨ ᠪᠠᠢᠬᠤᠪ᠃ ᠭᠡᠪᠡᠴᠦ ᠡᠨᠡ ᠨᠢ ᠳᠠᠩ ᠭᠠᠭᠴᠠ ᠬᠦᠰᠡᠯ ᠢ᠋ᠶ᠋ᠡᠷ ᠪᠦᠲᠦᠬᠦ ᠦᠭᠡᠢ ᠥᠭᠡᠷ᠎ᠡ ᠣᠯᠠᠨ ᠵᠦᠢᠯ ᠡᠴᠡ ᠰᠢᠯᠲᠠᠭᠠᠯᠠᠨ᠎ᠠ᠃ ᠭᠡᠰᠡᠨ ᠬᠡᠳᠦᠢ ᠴᠦ᠍ ᠬᠠᠨᠢ ᠶ᠋ᠢᠨ ᠲᠦᠰᠢᠭ᠂ ᠬᠠᠢᠷ᠎ᠠ ᠬᠠᠯᠠᠮᠵᠢ ᠶ᠋ᠢ ᠭᠦᠢᠴᠡᠬᠦ ᠶᠠᠭᠤᠮ᠎ᠠ ᠬᠠᠮᠢᠭ᠎ᠠ ᠪᠠᠢᠬᠤᠪ᠃ ᠤᠷᠲᠤ ᠨᠠᠰᠤᠯᠠᠬᠤ ᠶ᠋ᠢᠨ ᠨᠢᠭᠡ《ᠨᠢᠭᠤᠴᠠ》 ᠨᠢ ᠬᠠᠨᠢ ᠶ᠋ᠢᠨ ᠵᠠᠶᠠᠭ᠎ᠠ ᠯᠠᠪ ᠮᠥᠨ᠃ ᠬᠣᠷᠸ᠎ᠠ ᠶ᠋ᠢᠨ ᠵᠢᠷᠭᠠᠯ᠂ ᠵᠣᠪᠠᠯᠠᠩ ᠢ᠋ ᠲᠡᠩᠴᠡᠭᠦᠦ ᠬᠤᠪᠢᠶᠠᠵᠤ᠂ ᠬᠠᠮᠲᠤ ᠥᠲᠡᠯᠵᠦ ᠪᠣᠢ ᠬᠣᠣᠰ ᠤ᠋ᠳ ᠬᠠᠨᠢ ᠠ᠋ᠴᠠ ᠪᠠᠨ ᠵᠠᠯᠠᠭᠤ ᠪᠠᠷ ᠢ᠋ᠶ᠋ᠠᠨ ᠬᠠᠭᠠᠴᠠᠨ ᠪᠡᠯᠪᠡᠰᠦᠷᠡᠭᠰᠡᠨ ᠬᠥᠮᠦᠰ ᠡᠴᠡ ᠤᠷᠲᠤ ᠨᠠᠰᠤᠯᠠᠳᠠᠭ ᠨᠢ ᠨᠢᠭᠤᠴᠠ ᠪᠢᠰᠢ ᠠ᠋᠃ ᠤᠷᠲᠤ ᠨᠠᠰᠤᠯᠠᠵᠤ ᠪᠣᠢ ᠡᠷᠡᠭᠲᠡᠢᠴᠦᠳ ᠦ᠋ᠨ ᠨᠢᠭᠡ ᠥᠪᠡᠷᠮᠢᠴᠡ ᠰᠢᠨᠵᠢ ᠪᠣᠯ ᠨᠠᠰᠤ ᠳᠡᠭᠡᠷ᠎ᠡ ᠭᠠᠷᠤᠨ ᠭᠠᠷᠲᠠᠯ᠎ᠠ ᠪᠡᠯᠭᠡ ᠶ᠋ᠢᠨ ᠴᠢᠯᠬ᠎ᠠ᠂ ᠦᠷ᠎ᠡ ᠲᠣᠭᠲᠠᠬᠤ ᠴᠢᠳᠠᠪᠤᠷᠢ ᠪᠠᠨ ᠬᠡᠪ ᠢ᠋ᠶ᠋ᠡᠷ ᠬᠠᠳᠠᠭᠠᠯᠠᠬᠤ ᠶᠠᠪᠤᠳᠠᠯ ᠶᠤᠮ᠃ ᠤᠷᠲᠤ ᠨᠠᠰᠤᠯᠠᠭᠴᠢᠳ ᠤ᠋ᠨ ᠳᠡᠢᠯᠦᠩᠭᠢ ᠨᠢ ᠡᠴᠡᠩᠬᠡᠢ ᠲᠤᠷᠠᠩᠬᠠᠢ᠂ ᠬᠥᠩᠭᠡᠨ ᠱᠠᠯᠠᠮᠠᠭ᠂ ᠴᠣᠪᠣᠭᠣ ᠰᠡᠷᠭᠦᠯᠡᠩ᠂ ᠠᠭᠤᠷ ᠤ᠋ᠨ ᠮᠤᠩᠬᠠᠭ ᠢ᠋ ᠲᠡᠪᠴᠢᠵᠦ᠂ ᠠᠭᠤᠷᠯᠠᠬᠤ ᠦᠭᠡᠢ ᠶ᠋ᠢᠨ ᠲᠤᠰᠠ ᠡᠷᠳᠡᠨᠢ ᠶ᠋ᠢ ᠬᠦᠷᠲᠡᠵᠦ᠂ ᠢᠨᠢᠶᠡᠳᠦᠮ ᠢ᠋ᠶ᠋ᠡᠷ ᠰᠡᠳᠬᠢᠯ ᠢ᠋ᠶ᠋ᠡᠨ ᠴᠠᠯᠭᠢᠶᠠᠵᠤ ᠴᠢᠳᠠᠬᠤ ᠰᠢᠳᠢ ᠶ᠋ᠢ ᠣᠯᠤᠭᠰᠠᠨ ᠤᠯᠤᠰ ᠪᠠᠢᠳᠠᠭ᠃ ᠣᠷᠴᠢᠨ ᠦᠶ᠎ᠡ ᠶ᠋ᠢᠨ ᠣᠢᠯᠠᠭᠠᠯᠲᠠ ᠪᠠᠷ᠂ ᠮᠡᠳᠡᠷᠡᠯ— ᠰᠢᠩᠭᠡᠨ ᠦ᠌ ᠵᠣᠬᠢᠴᠠᠭᠤᠯᠭ᠎ᠠ ᠳ᠋ᠤ᠌ ᠬᠤᠪᠢᠷᠠᠯ ᠥᠭᠡᠷᠡᠴᠢᠯᠡᠯᠲᠡ ᠨᠦ᠍ᠭᠦᠳ ᠪᠡᠶ᠎ᠡ ᠮᠠᠬᠠᠪᠣᠳ ᠤ᠋ᠨ ᠥᠲᠡᠯᠬᠦ ᠦᠢᠯᠡ ᠶᠠᠪᠤᠴᠠ ᠳ᠋ᠤ᠌ ᠬᠠᠮᠤᠭ ᠠ᠋ᠴᠠ ᠴᠢᠬᠤᠯᠠ ᠡᠭᠦᠷᠭᠡ ᠭᠦᠢᠴᠡᠳᠬᠡᠨ᠎ᠡ᠃ ᠥᠭᠡᠷ᠎ᠡ ᠪᠡᠷ ᠬᠡᠯᠡᠪᠡᠯ᠂ ᠪᠡᠯᠭᠡ ᠶ᠋ᠢᠨ ᠦᠢᠯᠡ ᠠᠵᠢᠯᠯᠠᠭ᠎ᠠ ᠵᠣᠭᠰᠣᠭᠰᠠᠨ ᠠ᠋ᠴᠠ ᠥᠲᠡᠯᠵᠦ ᠪᠠᠢᠭ᠎ᠠ ᠶᠤᠮ ᠪᠢᠰᠢ᠂ ᠬᠠᠷᠢᠨ ᠥᠲᠡᠯᠬᠦ ᠶᠠᠪᠤᠴᠠ ᠨᠢ ᠪᠢᠣᠯᠣᠭᠢ ᠶ᠋ᠢᠨ ᠵᠢᠮ᠎ᠡ ᠵᠢᠮ᠎ᠡ ᠶᠣᠰᠣᠨ ᠪᠣᠯᠬᠤ ᠶ᠋ᠢᠨ ᠬᠤᠪᠢ ᠳ᠋ᠤ᠌ ᠪᠡᠯᠭᠡ ᠶ᠋ᠢᠨ ᠦᠢᠯᠡ ᠠᠵᠢᠯᠯᠠᠭ᠎ᠠ ᠶ᠋ᠢ ᠵᠠᠢᠯᠠᠰᠢ ᠦᠭᠡᠢ ᠵᠣᠭᠰᠣᠭᠠᠨ᠎ᠠ᠃ ᠭᠡᠪᠡᠴᠦ ᠡᠷ᠎ᠡ ᠡᠮ᠎ᠡ ᠶ᠋ᠢᠨ ᠶᠣᠰᠣᠨ ᠪᠣᠯᠤᠨ ᠪᠡᠯᠭᠡ ᠶ᠋ᠢᠨ ᠡᠮᠭᠡᠭ ᠰᠤᠳᠤᠯᠤᠭᠴᠢ— ᠡᠮᠴᠢ ᠶ᠋ᠢᠨ ᠬᠤᠪᠢ ᠳ᠋ᠤ᠌ ᠨᠠᠰᠤᠨ ᠤ᠋ ᠡᠷᠬᠡ ᠪᠡᠷ ᠪᠡᠯᠭᠡ ᠶ᠋ᠢᠨ ᠲᠣᠭᠲᠠᠯᠴᠠᠭ᠎ᠠ ᠳ᠋ᠤ᠌ ᠭᠠᠷᠳᠠᠭ ᠬᠤᠪᠢᠷᠠᠯ ᠥᠭᠡᠷᠡᠴᠢᠯᠡᠯᠲᠡ ᠶ᠋ᠢ ᠲᠠ ᠪᠦᠬᠦᠨ ᠦ᠌ ᠰᠣᠨᠣᠷ ᠲᠤ᠌ ᠬᠦᠷᠭᠡᠬᠦ ᠶ᠋ᠢ ᠵᠣᠷᠢᠭᠰᠠᠨ ᠠᠵᠢᠶᠠᠮᠤ᠃