ᠡᠨᠡᠬᠡᠨ ᠨᠤᠲᠤᠭ ᠲᠤ᠌ ᠪᠠᠨ -ᠡᠷᠳᠡᠨᠢᠪᠠᠭᠠᠲᠤᠷÉnéhén nutagtaa-Érdénébaatar Энэхэн нутагтаа-Эрдэнэбаатар
ᠡᠨᠡᠬᠡᠨ ᠨᠤᠲᠤᠭ ᠲᠤ᠌ ᠪᠠᠨ
ᠦᠭᠡ᠄ ᠭᠦᠩᠭᠠᠷ᠂ ᠠᠯᠲᠠᠨᠰᠥ᠋ᠮᠪᠦᠷ
ᠠᠶ᠎ᠠ᠄ ᠪᠠ᠊᠂ ᠵᠣᠷᠢᠬᠳᠤᠬᠦᠤ
ᠳᠠᠭᠤᠴᠢᠨ᠄ ᠡᠷᠳᠡᠨᠢᠪᠠᠭᠠᠲᠤᠷ
ᠪᠣᠱᠣᠭ᠎ᠠ ᠨᠢ ᠬᠣᠲᠣᠢᠭᠰᠠᠨ ᠮᠣᠩᠭᠣᠯ ᠭᠡᠷ ᠲᠦ᠍ ᠪᠡᠨ
ᠪᠦᠪᠡᠢ ᠶ᠋ᠢᠨ ᠳᠠᠭᠤᠤ ᠲᠠᠢ ᠪᠣᠢᠵᠢᠭᠰᠠᠨ ᠶᠤᠮ
ᠪᠣᠭᠳᠠ ᠶ᠋ᠢᠨ ᠵᠠᠶᠠᠭᠠᠭᠰᠠᠨ ᠡᠨᠡᠬᠡᠨ ᠨᠤᠲᠤᠭ ᠲᠤ᠌ ᠪᠠᠨ
ᠪᠣᠰᠤᠭ᠎ᠠ ᠮᠣᠩᠭᠣᠯ ᠪᠣᠯᠤᠭᠰᠠᠨ ᠶᠤᠮ
ᠢᠰᠡᠭᠡᠢ ᠴᠠᠭᠠᠨ ᠮᠣᠩᠭᠣᠯ ᠭᠡᠷ ᠲᠦ᠍ ᠪᠡᠨ
ᠡᠵᠢ ᠶ᠋ᠢᠨ ᠬᠠᠢᠷ᠎ᠠ ᠲᠠᠢ ᠲᠣᠷᠨᠢᠭᠰᠠᠨ ᠶᠤᠮ
ᠢᠷᠦᠭᠡᠯ ᠵᠥᠩᠨᠡᠭᠰᠡᠨ ᠡᠨᠡᠬᠡᠨ ᠨᠤᠲᠤᠭ ᠲᠤ᠌ ᠪᠠᠨ
ᠡᠷᠭᠢᠬᠦ ᠮᠠᠷᠭᠠᠰᠢ ᠪᠠᠨ ᠤᠭᠲᠤᠭᠰᠠᠨ ᠶᠤᠮ
ᠡᠬᠡᠰᠢᠭ ᠲᠣᠳᠣᠬᠠᠨ ᠮᠣᠷᠢᠨ ᠬᠤᠭᠤᠷ ᠮᠢᠨᠢ
ᠡᠨᠡᠬᠡᠨ ᠨᠤᠲᠤᠭ ᠠ᠋ᠴᠠ ᠴᠤᠤᠷᠢᠶᠠᠲᠤᠨ᠎ᠠ
ᠡᠷᠢᠭᠳᠡᠵᠦ ᠵᠡᠭᠦᠳᠦᠯᠡᠬᠦ ᠡᠨᠡᠬᠡᠨ ᠨᠤᠲᠤᠭ ᠢ᠋ᠶ᠋ᠠᠨ
ᠢᠷᠠᠭᠤᠬᠠᠨ ᠳᠠᠭᠤᠤ ᠪᠠᠷ ᠳᠠᠭᠤᠯᠠᠨ᠎ᠠ
ᠠᠷᠭᠠᠯ ᠴᠣᠭᠰᠢᠭᠰᠠᠨ ᠮᠣᠩᠭᠣᠯ ᠭᠡᠷ ᠲᠦ᠍ ᠪᠡᠨ
ᠠᠪᠤ ᠶ᠋ᠢᠨ ᠰᠤᠷᠭᠠᠯ ᠲᠠᠢ ᠬᠥᠮᠦᠵᠢᠭᠰᠡᠨ ᠶᠤᠮ
ᠠᠷᠴᠠ ᠰᠡᠩᠭᠢᠨᠡᠭᠰᠡᠨ ᠡᠨᠡᠬᠡᠨ ᠨᠤᠲᠤᠭ ᠲᠤ᠌ ᠪᠠᠨ
ᠠᠰᠢᠳᠠ ᠶ᠋ᠢᠨ ᠬᠦᠰᠡᠯ ᠢ᠋ᠶ᠋ᠡᠨ ᠡᠷᠴᠢᠯᠡᠭᠰᠡᠨ ᠶᠤᠮ
ᠬᠣᠨᠢᠨ ᠴᠠᠭᠠᠨ ᠮᠣᠩᠭᠣᠯ ᠭᠡᠷ ᠲᠦ᠍ ᠪᠡᠨ
ᠬᠣᠩᠭᠣᠷᠬᠠᠨ ᠨᠠᠰᠤ ᠪᠠᠨ ᠥᠩᠭᠡᠷᠡᠭᠡᠭᠰᠡᠨ ᠶᠤᠮ
ᠬᠤᠪᠢᠳᠠᠵᠤ ᠲᠥᠷᠥᠭᠰᠡᠨ ᠡᠨᠡᠬᠡᠨ ᠨᠤᠲᠤᠭ ᠲᠤ᠌ ᠪᠠᠨ
ᠬᠣᠷᠸ᠎ᠠ ᠶ᠋ᠢᠨ ᠰᠠᠢᠬᠠᠨ ᠢ᠋ ᠡᠳ᠋ᠯᠡᠭᠰᠡᠨ ᠶᠤᠮ
( ᠳᠠᠬᠢᠯᠲᠠ) ( ᠳᠠᠬᠢᠯᠲᠠ)
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
ᠬᠢᠨᠠᠭᠴᠢ᠄ ᠭᠦᠩᠭᠠᠷ
