ᠭᠠᠩᠭᠠᠩ ᠬᠠᠷ᠎ᠠ ᠮᠣᠷᠢ ᠮᠢᠨᠢ -ᠭᠡᠷᠡᠯᠲᠦ Gangan khar mori mini-GereltГанган хар морь минь-Гэрэлт
ᠭᠠᠩᠭᠠᠩ ᠬᠠᠷ᠎ᠠ ᠮᠣᠷᠢ ᠮᠢᠨᠢ
ᠦᠭᠡ᠄ ᠭᠦᠩᠭᠠᠷ
ᠠᠶ᠎ᠠ᠄ ᠤᠶᠤᠨᠮᠥ᠋ᠷᠡᠨ
ᠳᠠᠭᠤᠴᠢᠨ᠄ ᠭᠡᠷᠡᠯᠲᠦ
ᠬᠠᠰᠢᠷ ᠠᠳᠤᠭᠤᠴᠢᠨ ᠤ᠋ ᠭᠢᠷᠠᠬᠠᠢ ᠳᠣᠳᠣᠮᠳᠠᠯ ᠢ᠋ᠶ᠋ᠠᠷ ᠲᠣᠷᠨᠢᠨ ᠲᠣᠷᠨᠢᠨ ᠪᠣᠢᠵᠢᠭᠰᠠᠨ ᠶᠤᠮ ᠠ ᠬᠥ
ᠬᠠᠩᠭᠠᠢ ᠠᠭᠤᠳᠠᠮ ᠨᠤᠲᠤᠭ ᠲᠤ᠌ ᠪᠠᠨ ᠲᠠᠪᠠᠲᠠᠢ ᠲᠠᠷᠭᠤ ᠲᠠᠢ ᠥᠰᠦᠭᠰᠡᠨ ᠶᠤᠮ ᠠ ᠬᠥ
ᠬᠠᠰᠠᠭ ᠲᠡᠷᠭᠡᠨ ᠦ᠌ ᠠᠷᠠᠯ ᠳ᠋ᠤ᠌ ᠲᠤᠯᠭᠠᠭᠤᠷᠢᠯᠠᠵᠤ ᠶᠠᠪᠤᠭᠰᠠᠨ ᠲᠡᠦᠬᠡ ᠲᠡᠢ ᠶᠤᠮ ᠠ ᠬᠥ
ᠭᠠᠴᠠᠭ᠎ᠠ ᠲᠣᠰᠬᠣᠨ ᠤ᠋ ᠮᠠᠯᠴᠢᠳ ᠳᠤ ᠪᠠᠨ ᠵᠢᠳᠬᠦᠵᠦ ᠢᠷᠡᠭᠰᠡᠨ ᠭᠠᠪᠢᠶ᠎ᠠ ᠲᠠᠢ ᠶᠤᠮ ᠠ ᠬᠥ
ᠰᠡᠭᠦᠳᠡᠷ ᠡᠴᠡ ᠪᠡᠨ ᠴᠣᠴᠢᠨ ᠴᠣᠴᠢᠨ ᠳᠠᠪᠬᠢᠳᠠᠭ
ᠰᠡᠭᠦᠯ ᠢ᠋ᠶ᠋ᠡᠷ ᠢ᠋ᠶ᠋ᠡᠨ ᠨᠠᠳᠬᠤᠨ ᠨᠠᠳᠬᠤᠨ ᠲᠣᠭᠯᠠᠳᠠᠭ
ᠭᠠᠵᠠᠷ ᠰᠢᠭᠦᠷᠡᠮ᠎ᠡ ᠬᠤᠷ ᠳᠡᠯ ᠲᠡᠢ
ᠭᠠᠩᠭᠠᠩ ᠬᠠᠷ᠎ᠠ ᠮᠣᠷᠢ ᠮᠢᠨᠢ ᠳᠡ ᠠ᠋ ᠬᠦ᠋
ᠪᠤᠭᠤᠷᠤᠯ ᠨᠤᠲᠤᠭ ᠤ᠋ᠨ ᠢ᠋ᠶ᠋ᠠᠨ ᠰᠣᠷᠭᠣᠭ ᠪᠡᠯᠴᠢᠭᠡᠷ ᠢ᠋ ᠬᠠᠵᠠᠯᠠᠨ ᠬᠠᠵᠠᠯᠠᠨ ᠳᠣᠷᠪᠢᠵᠢᠭᠰᠠᠨ ᠶᠤᠮ ᠠ ᠬᠥ
ᠪᠣᠰᠤᠭ᠎ᠠ ᠮᠣᠩᠭᠣᠯ ᠲᠦᠮᠡᠨ ᠦ᠌ ᠪᠡᠨ ᠬᠠᠷᠠᠭ᠎ᠠ ᠰᠣᠨᠣᠷ ᠢ᠋ ᠪᠤᠯᠢᠶᠠᠭᠰᠠᠨ ᠶᠤᠮ ᠠ ᠬᠥ
ᠪᠤᠯᠲᠤ ᠲᠡᠷᠭᠡᠨ ᠦ᠌ ᠠᠷᠠᠯ ᠳ᠋ᠤ᠌ ᠬᠦᠴᠦᠯᠡᠵᠦ ᠵᠢᠳᠬᠦᠭᠰᠡᠨ ᠲᠡᠦᠬᠡ ᠲᠡᠢ ᠶᠤᠮ ᠠ ᠬᠥ
ᠪᠤᠮ ᠲᠦᠮᠡᠨ ᠮᠣᠩᠭᠣᠯᠴᠤᠳ ᠳᠤ ᠪᠠᠨ ᠪᠤᠶᠠᠨ ᠦᠢᠯᠡᠳᠦᠭᠰᠡᠨ ᠭᠠᠪᠢᠶ᠎ᠠ ᠲᠠᠢ ᠶᠤᠮ ᠠ ᠬᠥ
( ᠳᠠᠬᠢᠯᠲᠠ)
ᠮᠢᠩᠭ᠎ᠠ ᠮᠢᠩᠭᠠᠨ ᠠᠳᠤᠭᠤᠨ ᠤ᠋ ᠳᠤᠮᠳᠠ ᠠ᠋ᠴᠠ ᠮᠠᠩᠯᠠᠢ ᠠᠯᠳᠠᠷ ᠢ᠋ᠶ᠋ᠠᠷ ᠴᠣᠯᠠᠯᠠᠭᠳᠠᠭᠰᠠᠨ ᠶᠤᠮ ᠠ ᠬᠥ
ᠮᠢᠨᠦ ᠬᠠᠢᠷᠠᠲᠠᠢ ᠨᠤᠲᠤᠭ ᠤ᠋ᠨ ᠮᠢᠨᠢ ᠣᠮᠣᠭ ᠢ᠋ ᠪᠠᠳᠠᠷᠠᠭᠠᠭᠰᠠᠨ ᠢᠳᠡᠲᠡᠨ ᠶᠤᠮ ᠠ ᠬᠥ
ᠮᠠᠯᠴᠢᠨ ᠠᠷᠠᠳ ᠤ᠋ᠨ ᠰᠡᠳᠬᠢᠯ ᠵᠢᠷᠦᠬᠡᠨ ᠳ᠋ᠦ᠍ ᠬᠠᠳᠠᠩᠰᠢᠵᠤ ᠦᠯᠡᠳᠡᠬᠦ ᠲᠡᠦᠬᠡ ᠲᠡᠢ ᠶᠤᠮ ᠠ ᠬᠥ
ᠮᠠᠷᠭᠠᠰᠢ ᠶ᠋ᠢᠨ ᠵᠢᠷᠭᠠᠯᠲᠤ ᠠᠮᠢᠳᠤᠷᠠᠯ ᠤ᠋ᠨ ᠢ᠋ᠶ᠋ᠠᠨ ᠳᠠᠭᠤᠨ ᠳ᠋ᠤ᠌ ᠨᠢ ᠮᠥᠩᠬᠡᠷᠡᠬᠦ ᠭᠠᠪᠢᠶ᠎ᠠ ᠲᠠᠢ ᠶᠤᠮ ᠠ ᠬᠥ
( ᠳᠠᠬᠢᠯᠲᠠ)
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ