ᠠᠪᠤ ᠶ᠋ᠢᠨ ᠣᠪᠣᠭ᠎ᠠ-ᠴᠡᠩᠬᠡᠷАавын овоо-Цэнхэр
ᠠᠪᠤ ᠶ᠋ᠢᠨ ᠣᠪᠣᠭ᠎ᠠ
ᠳᠠᠭᠤᠴᠢᠨ ᠄ ᠴᠡᠩᠬᠡᠷ
ᠰᠠᠭᠠᠳᠠᠭᠠᠷ ᠭᠣᠣᠯ ᠤᠨ ᠰᠠᠬᠢᠭᠤᠰᠤ ᠨᠢ
ᠰᠢᠩᠭᠡᠭᠰᠡᠨ
ᠰᠠᠢᠬᠠᠨ ᠠᠪᠤ ᠮᠢᠨᠢ ᠲᠩᠷᠢ ᠶ᠋ᠢᠨ
ᠴᠠᠭᠠᠨ᠎ᠠ ᠪᠤᠢ
ᠠᠰᠢᠳᠠ ᠶ᠋ᠢᠨ ᠣᠪᠣᠭᠠᠨ ᠤ ᠰᠦᠯᠳᠡᠨ ᠳᠦ
ᠮᠥᠩᠬᠡᠷᠡᠭᠰᠡᠨ
ᠠᠮᠤᠭᠤᠯᠠᠩ ᠠᠪᠤ ᠮᠢᠨᠢ ᠪᠤᠷᠬᠠᠳ ᠤᠨ
ᠳᠡᠷᠭᠡᠳᠡ ᠪᠤᠢ
ᠰᠤᠳᠠᠯ ᠤᠨ ᠭᠣᠣᠯ ᠤᠨ ᠮᠠᠨᠳᠤᠯ ᠳᠤ ᠲᠠᠲᠠᠭᠰᠠᠨ
ᠰᠦᠨ ᠡᠵᠢ ᠮᠢᠨᠢ ᠰᠣᠯᠣᠩᠭ᠎ᠠ ᠶ᠋ᠢᠨ
ᠬᠠᠶᠠᠭᠠᠨ ᠳᠤ ᠪᠤᠢ
ᠴᠠᠭᠠᠨ ᠣᠪᠣᠭᠠᠨ ᠳᠤ ᠬᠣᠷᠭᠣᠳᠠᠭᠰᠠᠨ
ᠴᠠᠶ᠋ᠢᠯᠭᠠᠨ ᠡᠵᠢ ᠮᠢᠨᠢ ᠰᠡᠳᠬᠢᠯ ᠦᠨ
ᠲᠣᠯᠢᠨ ᠳᠤ ᠪᠤᠢ
ᠡᠷᠭᠢᠭᠡᠳ ᠰᠠᠭᠤᠭᠠᠳ ᠲᠠᠩᠳᠠ ᠵᠡᠭᠦᠳᠦᠯᠡᠪᠡᠴᠦ
ᠡᠨᠡᠬᠡᠨ ᠬᠣᠷᠸ᠋᠎ᠠ ᠪᠣᠳᠣᠭᠰᠠᠨ ᠢᠶ᠋ᠠᠷ
ᠪᠣᠯᠬᠤ ᠪᠢᠰᠢ ᠳ᠋ᠡ ᠡᠵᠢ ᠮᠢᠨᠢ
ᠬᠡᠦᠬᠡᠨ ᠴᠢᠨᠢ ᠳᠠᠭᠤᠯᠠᠵᠤ ᠪᠠᠢᠨ᠎ᠠ᠂ ᠳᠠᠭᠤᠯᠠᠵᠤ ᠪᠠᠢᠨ᠎ᠠ
ᠡᠩ ᠦᠭᠡᠢ ᠠᠴᠢᠯᠠᠯ ᠳ᠋ᠤᠨᠢ ᠲᠠᠨ ᠳᠤ
ᠪᠠᠨ ᠰᠥᠬᠥᠷᠡᠨ ᠳᠠᠭᠤᠯᠠᠵᠤ ᠪᠠᠢᠨ᠎ᠠ
ᠠᠪᠤ ᠯᠡ ᠡᠵᠢ ᠡᠴᠡ ᠥᠪᠯᠡᠵᠦ ᠢᠷᠡᠭᠰᠡᠨ
ᠠᠯᠢᠶᠠᠬᠠᠨ ᠪᠠᠭ᠎ᠠ ᠶ᠋ᠢᠨ ᠨᠤᠲᠤᠭ ᠲᠤ
ᠪᠠᠨ ᠮᠥᠷᠭᠥᠶ᠎ᠡ ᠤᠤ
ᠪᠤᠷᠬᠠᠳ ᠤᠨ ᠪᠤᠷᠬᠠᠳ ᠲᠠᠩᠳᠠ ᠯᠡ ᠰᠠᠭᠤᠳᠠᠭ
ᠲᠩᠷᠢ ᠶ᠋ᠢᠨ ᠣᠷᠣᠨ ᠮᠢᠨᠦ ᠯᠡ ᠨᠤᠲᠤᠭ ᠲᠤ
ᠶᠠᠪᠤᠭᠠᠳ ᠣᠴᠢᠮᠠᠷ ᠲᠠᠩᠳᠠ ᠪᠣᠳᠣᠭᠳᠠᠬᠤ
ᠴᠢᠨᠢ
ᠢᠷᠠᠭᠤᠬᠠᠨ ᠣᠷᠴᠢᠯᠠᠩ ᠰᠠᠨᠠᠭᠰᠠᠨ ᠢᠶ᠋ᠠᠷ
ᠪᠣᠯᠬᠤ ᠪᠢᠰᠢ ᠳ᠋ᠡ ᠠᠪᠤ ᠮᠢᠨᠢ
ᠬᠡᠦᠬᠡᠨ ᠴᠢᠨᠢ ᠳᠠᠭᠤᠯᠠᠵᠤ ᠪᠠᠢᠨ᠎ᠠ ᠂
ᠳᠠᠭᠤᠯᠠᠵᠤ ᠪᠠᠢᠨ᠎ᠠ
ᠠᠷᠢᠭᠤᠬᠠᠨ ᠥᠯᠮᠡᠢ ᠳ᠋ᠤᠨᠢ ᠲᠠᠨ ᠳᠤ
ᠪᠠᠨ ᠰᠥᠭᠥᠳᠦᠨ ᠳᠠᠭᠤᠯᠠᠵᠤ ᠪᠠᠢᠨ᠎ᠠ
ᠶᠠᠪᠤᠭᠠᠳ ᠣᠴᠢᠮᠠᠷ ᠲᠠᠩᠳᠠ ᠪᠣᠳᠣᠭᠳᠠᠬᠤ
ᠴᠢᠨᠢ
ᠢᠷᠠᠭᠤᠬᠠᠨ ᠣᠷᠴᠢᠯᠠᠩ ᠰᠠᠨᠠᠭᠰᠠᠨ ᠢᠶ᠋ᠠᠷ
ᠪᠣᠯᠬᠤ ᠪᠢᠰᠢ ᠳ᠋ᠡ ᠠᠪᠤ ᠮᠢᠨᠢ
ᠬᠡᠦᠬᠡᠨ ᠴᠢᠨᠢ ᠳᠠᠭᠤᠯᠠᠵᠤ ᠪᠠᠢᠨ᠎ᠠ ᠂
ᠳᠠᠭᠤᠯᠠᠵᠤ ᠪᠠᠢᠨ᠎ᠠ
ᠠᠷᠢᠭᠤᠬᠠᠨ ᠥᠯᠮᠡᠢ ᠳ᠋ᠤᠨᠢ ᠲᠠᠨ ᠳᠤ
ᠪᠠᠨ ᠰᠥᠭᠥᠳᠦᠨ ᠳᠠᠭᠤᠯᠠᠵᠤ ᠪᠠᠢᠨ᠎ᠠ
ᠲᠠᠨ ᠳᠤ ᠪᠠᠨ ᠰᠥᠭᠥᠳᠦᠨ ᠳᠠᠭᠤᠯᠠᠵᠤ ᠪᠠᠢᠨ᠎ᠠ
