ᠰᠠᠢᠬᠠᠨ ᠮᠣᠩᠭᠣᠯ ᠣᠷᠣᠨ -ᠲᠦᠮᠡᠨSaikhan mongol oron-TümenСайхан монгол орон-Түмэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠬᠠᠨ ᠮᠣᠩᠭᠣᠯ ᠣᠷᠣᠨ -ᠲᠦᠮᠡᠨSaikhan mongol oron-TümenСайхан монгол орон-Түмэн

ᠰᠠᠢᠬᠠᠨ ᠮᠣᠩᠭᠣᠯ ᠣᠷᠣᠨ -ᠲᠦᠮᠡᠨSaikhan mongol oron-TümenСайхан монгол орон-Түмэн

ᠠᠩᠭᠢᠯᠠᠯ:ᠳᠠᠭᠤᠤ ᠬᠥᠭᠵᠢᠮ
2025-09-25

931

ᠰᠠᠢᠬᠠᠨ ᠮᠣᠩᠭᠣᠯ ᠣᠷᠣᠨ

   ᠦᠭᠡ ·ᠠᠶ᠎ᠠ᠄ ᠳ᠌ ᠂ᠪᠥᠬᠡᠴᠢᠯᠠᠭᠤ 
   ᠳᠠᠭᠤᠴᠢᠨ᠄ ᠲᠦᠮᠡᠨ 

ᠤᠰᠤᠨ ᠤ᠋ ᠥᠩᠭᠡ ᠪᠡᠷ ᠮᠥᠩᠬᠡ ᠴᠡᠩᠬᠡᠷᠯᠡᠭᠰᠡᠨ 
ᠠᠭᠤᠳᠠᠮ ᠰᠠᠷᠠᠭᠤᠯ ᠮᠣᠩᠭᠣᠯ ᠣᠷᠣᠨ ᠮᠢᠨᠢ 
ᠤᠶᠠᠩᠭ᠎ᠠ ᠳᠠᠭᠤᠷᠢᠰᠬᠠᠭᠰᠠᠨ ᠮᠥᠩᠭᠥᠨ ᠭᠣᠣᠯ ᠤ᠋ᠳ ᠮᠢᠨᠢ 
ᠮᠢᠨᠦ ᠡᠭᠡᠰᠢᠭᠯᠡᠬᠦ ᠬᠠᠢᠷ᠎ᠠ ᠶ᠋ᠢᠨ ᠳᠤᠤᠯᠢᠶᠠᠨ ᠶᠤ᠌ 
ᠰᠠᠢᠨ ᠶᠠᠪᠤᠭᠠᠷᠠᠢ ᠮᠣᠩᠭᠣᠯ ᠲᠦᠮᠡᠨ ᠮᠢᠨᠢ 
ᠰᠠᠷᠠᠭᠤᠯᠬᠠᠨ ᠪᠠᠢᠭᠠᠷᠠᠢ ᠮᠠᠯᠴᠢᠨ ᠨᠤᠲᠤᠭ ᠮᠢᠨᠢ 

ᠰᠠᠷᠠ ᠶ᠋ᠢ ᠰᠢᠭᠦᠷᠡᠮ᠎ᠡ ᠬᠠᠨᠠᠭᠠᠷ ᠬᠠᠩᠭᠠᠢ ᠮᠢᠨᠢ 
ᠰᠠᠭᠠᠲᠠᠭᠤᠯᠤᠨ ᠥᠰᠬᠡᠭᠰᠡᠨ ᠠᠪᠤ ᠶ᠋ᠢᠨ ᠮᠢᠨᠢ ᠡᠪᠦᠷ ᠶᠣ᠌ 
ᠰᠢᠪᠠᠭᠤᠳ ᠰᠤᠪᠤᠷᠠᠭᠰᠠᠨ ᠴᠡᠩᠬᠡᠷ ᠨᠠᠭᠤᠷ ᠨᠢ 
ᠰᠠᠢᠬᠠᠨ ᠡᠵᠢ ᠶ᠋ᠢᠨ ᠮᠢᠨᠢ ᠬᠠᠢᠷ᠎ᠠ ᠶ᠋ᠢᠨ ᠮᠡᠯᠮᠡᠢ ᠶᠤ᠌ 
ᠰᠠᠢᠨ ᠶᠠᠪᠤᠭᠠᠷᠠᠢ ᠮᠣᠩᠭᠣᠯ ᠲᠦᠮᠡᠨ ᠮᠢᠨᠢ 
ᠰᠠᠷᠠᠭᠤᠯᠬᠠᠨ ᠪᠠᠢᠭᠠᠷᠠᠢ ᠮᠠᠯᠴᠢᠨ ᠨᠤᠲᠤᠭ ᠮᠢᠨᠢ

ᠨᠠᠷᠠ ᠶ᠋ᠢ ᠪᠡᠨ ᠤᠭᠲᠤᠭᠰᠠᠨ ᠲᠣᠭᠤᠨᠤᠭᠲᠤ ᠭᠡᠷ ᠮᠢᠨᠢ
ᠨᠠᠰᠤ ᠪᠠᠷ ᠢ᠋ᠶ᠋ᠠᠨ ᠡᠩᠬᠦᠷᠡᠢᠯᠡᠬᠦ ᠡᠷᠳᠡᠨᠢ ᠶ᠋ᠢᠨ ᠰᠦᠷᠦᠭ ᠦ᠋ᠳ ᠮᠢᠨᠢ
ᠦᠶ᠎ᠡ ᠶ᠋ᠢᠨ ᠦᠶ᠎ᠡ ᠳ᠋ᠡᠭᠡᠨ ᠤᠯᠠᠷᠢᠯ ᠡᠭᠡᠯᠵᠢᠯᠡᠭᠦᠯᠦᠭᠰᠡᠨ
ᠥᠶᠥᠭ ᠲᠡᠢ ᠲᠠᠴᠢᠷ ᠲᠠᠢ ᠪᠣᠷᠣᠬᠠᠨ ᠠᠮᠢᠳᠤᠷᠠᠯ ᠮᠢᠨᠢ
ᠰᠠᠢᠨ ᠶᠠᠪᠤᠭᠠᠷᠠᠢ ᠮᠣᠩᠭᠣᠯ ᠲᠦᠮᠡᠨ ᠮᠢᠨᠢ
ᠰᠠᠷᠠᠭᠤᠯᠬᠠᠨ ᠪᠠᠢᠭᠠᠷᠠᠢ ᠮᠠᠯᠴᠢᠨ ᠨᠤᠲᠤᠭ ᠮᠢᠨᠢ

ᠬᠠᠢᠷ᠎ᠠ ᠪᠠᠷ ᠤᠨᠳᠤᠷᠬᠤ ᠮᠥᠩᠬᠡ ᠬᠣᠷᠸ᠎ᠠ ᠳ᠋ᠠᠭᠠᠨ
ᠬᠣᠣᠰ ᠦᠭᠡᠢ ᠤᠴᠠᠷᠠᠯ ᠲᠠᠢ ᠮᠠᠯᠴᠢᠨ ᠵᠠᠶᠠᠭ᠎ᠠ ᠮᠢᠨᠢ
ᠬᠣᠩᠭᠣᠷ ᠳᠡᠯᠡᠬᠡᠢ ᠶ᠋ᠢᠨ ᠬᠠᠮᠢᠭ᠎ᠠ ᠶᠠᠪᠤᠭᠰᠠᠨ ᠴᠤ᠌
ᠬᠣᠨᠣᠭᠰᠢᠨ ᠪᠣᠳᠣᠭᠳᠠᠬᠤ ᠮᠣᠩᠭᠣᠯ ᠠᠮᠢᠳᠤᠷᠠᠯ ᠮᠢᠨᠢ
ᠰᠠᠢᠨ ᠶᠠᠪᠤᠭᠠᠷᠠᠢ ᠮᠣᠩᠭᠣᠯ ᠲᠦᠮᠡᠨ ᠮᠢᠨᠢ
ᠰᠠᠷᠠᠭᠤᠯᠬᠠᠨ ᠪᠠᠢᠭᠠᠷᠠᠢ ᠮᠠᠯᠴᠢᠨ ᠲᠦᠮᠡᠨ ᠮᠢᠨᠢ
ᠰᠠᠢᠨ ᠶᠠᠪᠤᠭᠠᠷᠠᠢ ᠮᠣᠩᠭᠣᠯ ᠲᠦᠮᠡᠨ ᠮᠢᠨᠢ
ᠰᠠᠷᠠᠭᠤᠯᠬᠠᠨ ᠪᠠᠢᠭᠠᠷᠠᠢ ᠮᠠᠯᠴᠢᠨ ᠲᠦᠮᠡᠨ ᠮᠢᠨᠢ

   ᠦᠰᠦᠭ ᠠᠮᠢᠯᠠᠭᠤᠯᠵᠤ ᠬᠠᠲᠠᠭᠰᠠᠨ ᠨᠢ᠄ ᠰᠣᠳᠣ