ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ -2- ᠬᠣᠷᠸ᠎ᠠ ᠶᠢᠨ ᠡᠷᠢᠶᠡᠨ ᠪᠠᠷᠠᠭᠠᠨ - <7>᠂ ᠮᠠᠨᠢᠨ ᠭᠡᠵᠦ ᠶᠠᠭᠤ ᠪᠣᠢ Эр эмийн ёсон – Д᠂ Болдцэрэн <2-р бүлэг>– Хорвоогийн эрээн бараан- 7᠂Манин гэж юу бий ᠠᠩᠭᠢᠯᠠᠯ:ᠡᠷᠡᠭᠦᠯ ᠡᠩᠬᠡ 2025-09-24 46 ᠳᠣᠯᠣᠭ᠎ᠠ᠂ᠮᠠᠨᠢᠨ ᠭᠡᠵᠦ ᠶᠠᠭᠤ ᠪᠣᠢ ᠪᠢᠳᠡᠨ ᠦ᠌ ᠬᠦᠯᠢᠶᠡᠨ ᠠᠪᠳᠠᠭ ᠣᠯᠠᠨ ᠵᠠᠬᠢᠳᠠᠯ ᠤ᠋ᠨ ᠳᠣᠲᠣᠷ᠎ᠠ 《ᠮᠠᠨᠢᠨ ᠭᠡᠵᠦ ᠶᠠᠭᠤ ᠪᠣᠢ? ᠶᠡᠷᠦᠨᠢ ᠡᠢᠮᠦ ᠬᠥᠮᠦᠨ ᠪᠠᠢᠳᠠᠭ ᠤᠤ? ᠪᠠᠢᠳᠠᠭ ᠪᠣᠯ ᠲᠡᠳᠡᠨ ᠦ᠌ ᠪᠡᠯᠭᠡ ᠶ᠋ᠢᠨ ᠠᠮᠢᠳᠤᠷᠠᠯ ᠶᠠᠮᠠᠷ ᠪᠠᠢᠬᠤ ᠪᠣᠢ?》 ᠭᠡᠰᠡᠨ ᠠᠰᠠᠭᠤᠯᠲᠠ ᠴᠥᠭᠡᠨ ᠦᠭᠡᠢ ᠪᠠᠢᠳᠠᠭ᠃ ᠡᠳᠡᠭᠡᠷ ᠠᠰᠠᠭᠤᠯᠲᠠ ᠳ᠋ᠤ᠌ ᠬᠠᠷᠢᠭᠤᠯᠬᠤ ᠶ᠋ᠢᠨ ᠲᠤᠯᠠᠳᠠ《ᠬᠦᠢᠰᠦ》 ᠭᠡᠳᠡᠭ ᠣᠢᠯᠠᠭᠠᠯᠲᠠ ᠲᠠᠢ ᠲᠠᠨᠢᠯᠴᠠᠬᠤ ᠱᠠᠭᠠᠷᠳᠠᠯᠭ᠎ᠠ ᠲᠠᠢ᠃ ᠬᠦᠢᠰᠦ ᠭᠡᠳᠡᠭ ᠨᠢ ᠬᠥᠮᠦᠨ ᠠᠳᠤᠭᠤᠰᠤ ᠶ᠋ᠢᠨ ᠡᠷ᠎ᠡ ᠡᠮ᠎ᠡ ᠶ᠋ᠢ ᠲᠡᠮᠳᠡᠭᠯᠡᠳᠡᠭ ᠣᠢᠯᠠᠭᠠᠯᠲᠠ ᠪᠥᠭᠡᠳ ᠡᠨᠡ ᠨᠢ ᠪᠢᠳᠡᠨ ᠦ᠌ ᠲᠥᠰᠦᠭᠡᠯᠡᠵᠦ ᠪᠠᠢᠭ᠎ᠠ ᠠ᠋ᠴᠠ ᠬᠠᠪᠢ ᠦᠭᠡᠢ ᠥᠷᠭᠡᠨ ᠬᠦᠷᠢᠶ᠎ᠡ ᠲᠡᠢ ᠶᠦᠮ᠃ ᠬᠥᠮᠦᠨ ᠦ᠌ ᠬᠦᠢᠰᠦ ᠶ᠋ᠢ ᠵᠥᠪᠬᠡᠨ ᠪᠢᠣᠯᠣᠭᠢ ᠡᠭᠦᠳᠡᠨ ᠡᠴᠡ ᠠᠪᠴᠤ ᠦᠵᠡᠵᠦ ᠪᠣᠯᠬᠤ ᠦᠭᠡᠢ᠃ ᠬᠦᠢᠰᠦ ᠭᠡᠳᠡᠭ ᠣᠢᠯᠠᠭᠠᠯᠲᠠ ᠪᠣᠯ ᠵᠥᠪᠬᠡᠨ ᠪᠢᠣᠯᠣᠭᠢ ᠶ᠋ᠢᠨ ᠲᠡᠳᠦᠢ ᠦᠭᠡᠢ ᠨᠡᠢᠭᠡᠮ ᠦ᠋ᠨ᠂ ᠬᠠᠤᠯᠢ ᠴᠠᠭᠠᠵᠠ ᠶ᠋ᠢᠨ ᠣᠢᠯᠠᠭᠠᠯᠲᠠ ᠶᠤᠮ᠃ ᠪᠢᠣᠯᠣᠭᠢ ᠶ᠋ᠢᠨ ᠡᠭᠦᠳᠡᠨ ᠡᠴᠡ ᠬᠦᠢᠰᠦ ᠭᠡᠳᠡᠭ ᠨᠢ ᠬᠥᠮᠦᠨ ᠨᠥᠬᠥᠨ ᠦᠢᠯᠡᠳᠪᠦᠷᠢᠯᠡᠬᠦ《ᠬᠦᠴᠦᠲᠦ》 ᠠᠵᠢᠯ ᠤ᠋ᠨ ᠦᠶ᠎ᠡ ᠳ᠋ᠦ᠍ ᠭᠦᠢᠴᠡᠳᠬᠡᠬᠦ ᠡᠭᠦᠷᠭᠡ ᠶ᠋ᠢ ᠲᠣᠳᠣᠷᠬᠠᠢᠯᠠᠳᠠᠭ ᠣᠢᠯᠠᠭᠠᠯᠲᠠ ᠶᠤᠮ᠃ ᠬᠠᠤᠯᠢ ᠴᠠᠭᠠᠵᠠ ᠶ᠋ᠢᠨ ᠤᠳᠬ᠎ᠠ ᠪᠠᠷ ᠨᠢ ᠠᠪᠴᠤ ᠦᠵᠡᠪᠡᠯ ᠬᠦᠢᠰᠦ ᠭᠡᠳᠡᠭ ᠨᠢ ᠬᠥᠮᠦᠨ ᠪᠢᠣᠯᠣᠭᠢ ᠶ᠋ᠢᠨ ᠢ᠋ᠶ᠋ᠡᠨ ᠣᠨᠴᠠᠯᠢᠭ ᠲᠤ᠌ ᠲᠣᠬᠢᠷᠠᠭᠤᠯᠤᠭᠠᠳ ᠠᠢᠯ ᠭᠡᠷ᠂ ᠨᠡᠢᠭᠡᠮ ᠳ᠋ᠦ᠍ ᠭᠦᠢᠴᠡᠳᠬᠡᠵᠦ ᠪᠠᠢᠭ᠎ᠠ ᠡᠭᠦᠷᠭᠡ ᠶ᠋ᠢ ᠬᠡᠯᠡᠨ᠎ᠡ᠃ ᠬᠡᠦᠬᠡᠳ ᠡᠬᠡ ᠡᠴᠡ ᠨᠡᠷᠡᠲᠦ ᠶᠢᠷᠲᠢᠨᠴᠦ ᠳ᠋ᠦ᠍ ᠮᠡᠨᠳᠦᠯᠡᠬᠦ ᠡᠴᠡ ᠭᠠᠳᠠᠨ᠎ᠠ ᠪᠡᠯᠭᠡ ᠶ᠋ᠢᠨ ᠡᠷᠬᠡᠲᠡᠨ ᠨᠢ ᠡᠷ᠎ᠡ᠂ ᠡᠮ᠎ᠡ ᠬᠣᠶᠠᠷ ᠬᠦᠢᠰᠦᠨ ᠦ᠌ ᠠᠯᠢᠨ ᠳ᠋ᠤᠨᠢ ᠪᠠᠭᠲᠠᠬᠤ ᠠ᠋ᠴᠠ ᠬᠠᠮᠤᠷᠤᠨ᠂《ᠨᠡᠢᠭᠡᠮ ᠦ᠋ᠨ ᠭᠡᠰᠢᠭᠦᠨ᠂< ᠢᠷᠭᠡᠨ ᠦ᠌> ᠬᠦᠢᠰᠦ ᠠᠪᠳᠠᠭ᠃ ᠥᠭᠡᠷ᠎ᠡ ᠪᠡᠷ ᠬᠡᠯᠡᠪᠡᠯ ᠬᠥᠮᠦᠨ ᠦ᠌ ᠵᠢᠩᠬᠢᠨᠢ ᠬᠦᠢᠰᠦ ᠶ᠋ᠢ ᠭᠠᠳᠠᠨ᠎ᠠ ᠪᠡᠯᠭᠡ ᠡᠷᠬᠡᠲᠡᠨ᠂ ᠪᠡᠯᠭᠡ ᠶ᠋ᠢᠨ ᠪᠤᠯᠴᠢᠷᠬᠠᠢ ᠪᠠᠷ ᠲᠣᠭᠲᠠᠭᠠᠳᠠᠭ᠃》 ᠶᠢᠷᠲᠢᠨᠴᠦ ᠶ᠋ᠢᠨ ᠬᠥᠮᠦᠰ ᠥᠩᠭᠡᠨ ᠲᠠᠯ᠎ᠠ ᠠ᠋ᠴᠠ ᠪᠠᠨ ᠡᠮᠦᠰᠴᠦ ᠵᠡᠭᠦᠬᠦ᠂ ᠬᠡᠯᠡᠵᠦ ᠶᠠᠷᠢᠬᠤ᠂ ᠴᠢᠷᠠᠢ ᠵᠢᠰᠦ ᠪᠡᠷ ᠢ᠋ᠶ᠋ᠡᠨ ᠥᠩᠭᠡ ᠶ᠋ᠢᠨ ᠠᠯᠠᠭᠯᠠᠭᠰᠠᠨ ᠴᠡᠴᠡᠭᠡᠰ ᠰᠢᠭ ᠣᠨᠳᠣᠣ ᠣᠨᠳᠣᠣ ᠪᠣᠯᠪᠠᠴᠤ ᠬᠥᠲᠥᠰᠦᠨ ᠬᠥᠨᠵᠢᠯᠡ ᠶ᠋ᠢᠨ ᠳᠣᠣᠷ᠎ᠠ ᠰᠡᠵᠢᠭᠦᠷ ᠳᠣᠣᠷ᠎ᠠ ᠴᠢᠷᠠᠮᠠᠨ ᠨᠢᠴᠦᠭᠦᠯᠡᠭᠡᠳ ᠢᠷᠡᠬᠦ ᠶ᠋ᠢᠨ ᠢ᠋ᠶ᠋ᠡᠨ ᠴᠠᠭ ᠲᠤ᠌ ᠵᠥᠪᠬᠡᠨ ᠡᠷ᠎ᠡ᠂ ᠡᠮ᠎ᠡ ᠪᠠᠷ ᠢ᠋ᠶ᠋ᠠᠨ ᠯᠠ ᠢᠯᠭᠠᠭᠳᠠᠬᠤ ᠠ᠋ᠴᠠ ᠪᠢᠰᠢ᠂ ᠪᠤᠰᠤᠳ ᠢ᠋ᠶ᠋ᠠᠷ ᠢ᠋ᠶ᠋ᠠᠨ ᠨᠢᠭᠡ《ᠥᠯᠥᠭᠡᠢ ᠶ᠋ᠢᠨ》᠂ ᠨᠢᠭᠡ ᠯᠡ ᠵᠠᠶᠠᠭ᠎ᠠ ᠲᠠᠢ ᠤᠯᠤᠰ᠂ ᠡᠢᠨᠬᠦ ᠶᠢᠷᠲᠢᠨᠴᠦ ᠶ᠋ᠢᠨ ᠬᠥᠮᠦᠰ ᠲᠣᠭ᠎ᠠ ᠲᠣᠮᠰᠢ ᠦᠭᠡᠢ ᠣᠯᠠᠨ ᠴᠦ᠍ ᠭᠡᠰᠡᠨ ᠬᠣᠶᠠᠷᠬᠠᠨ ᠬᠦᠢᠰᠦᠨ ᠳ᠋ᠦ᠍ ᠯᠡ ᠬᠤᠷᠠᠵᠤ ᠪᠠᠭᠲᠠᠨ᠎ᠠ᠃ ᠴᠣᠬᠣᠮ ᠳ᠋ᠠᠭᠠᠨ ᠡᠨᠡ ᠯᠡ ᠬᠣᠶᠠᠷ ᠬᠦᠢᠰᠦᠨ ᠡᠴᠡ ᠬᠥᠮᠦᠨ ᠦ᠌ ᠣᠷᠴᠢᠯᠠᠩ ᠶᠢᠷᠲᠢᠨᠴᠦ ᠣᠷᠣᠰᠢᠨ ᠲᠣᠭᠲᠠᠨᠢᠬᠤ ᠤᠤ᠂ ᠠᠯᠢ ᠡᠰᠡᠪᠡᠯ ᠰᠦᠢᠷᠡᠵᠦ ᠮᠥᠬᠥᠬᠦ ᠤᠤ ᠭᠡᠳᠡᠭ ᠠᠮᠢᠨ ᠴᠢᠬᠤᠯᠠ ᠠᠰᠠᠭᠤᠳᠠᠯ ᠡᠷᠡᠭᠡᠯᠵᠡᠭᠡ ᠦᠭᠡᠢ ᠰᠢᠯᠲᠠᠭᠠᠯᠠᠨ᠎ᠠ᠃ ᠡᠷ᠎ᠡ ᠡᠮ᠎ᠡ ᠬᠣᠶᠠᠷ ᠬᠦᠢᠰᠦ ᠠᠯᠢ ᠨᠢᠭᠡ ᠨᠢ ᠯᠡ ᠦᠭᠡᠢ ᠪᠣᠯ ᠤᠶᠠᠬᠠᠨ ᠽᠠᠮᠪᠤᠲᠢᠪ ᠤ᠋ᠨ ᠨᠠᠷᠠ ᠭᠬᠢᠷᠲᠦᠬᠦ ᠪᠠᠢᠵᠠᠢ᠃ ᠡᠢᠨᠬᠦ ᠡᠰᠡᠷᠭᠦ ᠲᠡᠰᠡᠷᠭᠦ ᠬᠣᠶᠠᠷ ᠬᠦᠢᠰᠦ ᠨᠢ ᠬᠣᠭᠣᠷᠣᠨᠳᠣ ᠪᠠᠨ ᠬᠦᠢ ᠶ᠋ᠢᠨ ᠬᠣᠯᠪᠣᠭ᠎ᠠ ᠲᠠᠢ ᠪᠥᠭᠡᠳ ᠽᠠᠮᠪᠤᠯᠢᠩ ᠬᠣᠷᠸ᠎ᠠ ᠭᠡᠭᠴᠢ ᠤᠭ ᠲᠠᠭᠠᠨ ᠡᠷ᠎ᠡ ᠡᠮ᠎ᠡ ᠶ᠋ᠢᠨ ᠬᠠᠷᠢᠴᠠᠭ᠎ᠠ ᠪᠠᠷ ᠠᠮᠢ ᠠᠮᠢᠳᠤᠷᠠᠯ ᠢ᠋ ᠲᠠᠰᠤᠷᠠᠯᠲᠠ ᠦᠭᠡᠢ ᠨᠥᠬᠥᠨ ᠰᠡᠯᠭᠦᠵᠦ᠂ ᠰᠢᠨᠡᠴᠢᠯᠡᠵᠦ ᠪᠠᠢᠳᠠᠭ ᠪᠢᠯᠡ᠃ ᠴᠣᠬᠣᠮ ᠡᠭᠦᠨ ᠳ᠋ᠦ᠍ ᠯᠡ ᠡᠰᠡᠷᠭᠦ᠂ ᠲᠡᠰᠡᠷᠭᠦ ᠬᠣᠶᠠᠷ ᠬᠦᠢᠰᠦ ᠵᠡᠷᠭᠡᠴᠡᠨ ᠣᠷᠣᠰᠢᠬᠤ ᠶ᠋ᠢᠨ ᠤᠴᠢᠷ ᠣᠷᠣᠰᠢᠪᠠᠢ᠃