ᠠᠮᠤᠭᠤᠯᠠᠩ ᠪᠠᠢᠭᠠᠰᠠᠢ-ᠪᠠᠶᠠᠨᠰᠠᠩAmgalan baigaasai-BayansanАмгалан байгаасай-Баянсан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠭᠤᠯᠠᠩ ᠪᠠᠢᠭᠠᠰᠠᠢ-ᠪᠠᠶᠠᠨᠰᠠᠩAmgalan baigaasai-BayansanАмгалан байгаасай-Баянсан

ᠠᠮᠤᠭᠤᠯᠠᠩ ᠪᠠᠢᠭᠠᠰᠠᠢ-ᠪᠠᠶᠠᠨᠰᠠᠩAmgalan baigaasai-BayansanАмгалан байгаасай-Баянсан

ᠠᠩᠭᠢᠯᠠᠯ:ᠳᠠᠭᠤᠤ ᠬᠥᠭᠵᠢᠮ
2025-09-24

682

ᠠᠮᠤᠭᠤᠯᠠᠩ ᠪᠠᠢᠭᠠᠰᠠᠢ

   ᠦᠭᠡ᠄ ᠰ᠂ ᠪᠥᠬᠡᠴᠢᠯᠠᠭᠤ 
   ᠠᠶ᠎ᠠ᠄ ᠪᠠᠶᠠᠨᠰᠠᠩ 
   ᠳᠠᠭᠤᠴᠢᠨ᠄ ᠪᠠᠶᠠᠨᠰᠠᠩ 

ᠬᠠᠨ ᠶᠡᠬᠡ ᠬᠣᠷᠸ᠎ᠠ ᠳ᠋ᠤ᠌ ᠲᠠᠢᠪᠤᠩ ᠣᠷᠣᠰᠢᠭᠰᠠᠨ 
ᠬᠡᠢᠮᠣᠷᠢ ᠪᠣᠰᠤᠭ᠎ᠠ ᠲᠥᠷᠥ ᠮᠢᠨᠢ ᠠᠮᠤᠭᠤᠯᠠᠩ ᠪᠠᠢᠭᠠᠰᠠᠢ 
ᠬᠤᠭᠤᠷ ᠴᠤᠭᠤᠷ ᠤ᠋ᠨ ᠠᠶᠠᠯᠭᠤ ᠣᠭᠲᠠᠷᠭᠤᠢ ᠳ᠋ᠤ᠌ ᠬᠦᠩᠭᠢᠨᠡᠭᠰᠡᠨ 
ᠬᠠᠨᠠᠭᠠᠷ ᠮᠣᠩᠭᠣᠯ ᠨᠤᠲᠤᠭ ᠮᠢᠨᠢ ᠠᠮᠤᠭᠤᠯᠠᠩ ᠪᠠᠢᠭᠠᠰᠠᠢ 

ᠡᠴᠢᠭᠡ ᠲᠩᠷᠢ ᠶ᠋ᠢᠨ ᠬᠤᠲᠤᠭ ᠢᠪᠡᠭᠡᠭᠰᠡᠨ 
ᠡᠨᠡᠷᠢᠯᠲᠦ ᠡᠬᠡ ᠤᠯᠤᠰ ᠮᠢᠨᠢ ᠠᠮᠤᠭᠤᠯᠠᠩ ᠪᠠᠢᠭᠠᠰᠠᠢ 
ᠥᠨᠢᠷ ᠪᠠᠢᠭᠠᠯᠢ ᠶ᠋ᠢᠨ ᠣᠩᠭᠣᠨ ᠬᠠᠢᠷ᠎ᠠ ᠰᠢᠩᠭᠡᠭᠡᠭᠰᠡᠨ 
ᠥᠯᠵᠡᠢᠲᠦ ᠰᠠᠢᠬᠠᠨ ᠠᠮᠢᠳᠤᠷᠠᠯ ᠮᠢᠨᠢ ᠠᠮᠤᠭᠤᠯᠠᠩ ᠪᠠᠢᠭᠠᠰᠠᠢ 
ᠠᠮᠤᠭᠤᠯᠠᠩ ᠪᠠᠢᠭᠠᠰᠠᠢ᠂ ᠳᠠᠷᠬᠠᠨ ᠪᠠᠢᠭᠠᠯᠢ ᠮᠢᠨᠢ 
ᠠᠰᠢᠳᠠ ᠡᠷᠡᠭᠦᠯ ᠰᠠᠷᠠᠭᠤᠯ ᠪᠠᠢᠭᠠᠰᠠᠢ 
ᠠᠮᠤᠭᠤᠯᠠᠩ ᠪᠠᠢᠭᠠᠰᠠᠢ᠂ ᠠᠯᠲᠠᠨ ᠳᠡᠯᠡᠬᠡᠢ ᠮᠢᠨᠢ
ᠠᠵᠠ ᠵᠢᠷᠭᠠᠯ ᠳᠦᠭᠦᠷᠡᠩ ᠪᠠᠢᠭᠠᠰᠠᠢ

ᠰᠠᠷᠠᠨ ᠨᠠᠷᠠᠨ ᠬᠣᠶᠠᠷ ᠨᠢ ᠡᠭᠡᠯᠵᠢᠯᠡᠨ ᠭᠡᠢᠭᠦᠯᠦᠭᠰᠡᠨ
ᠰᠠᠢᠬᠠᠨ ᠡᠬᠡ ᠣᠷᠣᠨ ᠮᠢᠨᠢ ᠠᠮᠤᠭᠤᠯᠠᠩ ᠪᠠᠢᠭᠠᠰᠠᠢ
ᠰᠠᠨᠠᠭ᠎ᠠ ᠪᠣᠳᠣᠯ ᠲᠤᠩᠭᠠᠯᠠᠭ ᠠᠷᠠᠳ ᠲᠦᠮᠡᠨ ᠦ᠌
ᠰᠠᠷᠠᠭᠤᠯ ᠭᠡᠭᠡᠨ ᠢᠷᠡᠭᠡᠳᠦᠢ ᠮᠢᠨᠢ ᠠᠮᠤᠭᠤᠯᠠᠩ ᠪᠠᠢᠭᠠᠰᠠᠢ
ᠠᠮᠤᠭᠤᠯᠠᠩ ᠪᠠᠢᠭᠠᠰᠠᠢ᠂ ᠳᠠᠷᠬᠠᠨ ᠪᠠᠢᠭᠠᠯᠢ ᠮᠢᠨᠢ
ᠠᠰᠢᠳᠠ ᠡᠷᠡᠭᠦᠯ ᠰᠠᠷᠠᠭᠤᠯ ᠪᠠᠢᠭᠠᠰᠠᠢ
ᠠᠮᠤᠭᠤᠯᠠᠩ ᠪᠠᠢᠭᠠᠰᠠᠢ᠂ ᠠᠯᠲᠠᠨ ᠳᠡᠯᠡᠬᠡᠢ ᠮᠢᠨᠢ
ᠠᠵᠠ ᠵᠢᠷᠭᠠᠯ ᠳᠦᠭᠦᠷᠡᠩ ᠪᠠᠢᠭᠠᠰᠠᠢ

ᠠᠮᠤᠭᠤᠯᠠᠩ ᠪᠠᠢᠭᠠᠰᠠᠢ᠂ ᠳᠠᠷᠬᠠᠨ ᠪᠠᠢᠭᠠᠯᠢ ᠮᠢᠨᠢ
ᠠᠰᠢᠳᠠ ᠡᠷᠡᠭᠦᠯ ᠰᠠᠷᠠᠭᠤᠯ ᠪᠠᠢᠭᠠᠰᠠᠢ
ᠠᠮᠤᠭᠤᠯᠠᠩ ᠪᠠᠢᠭᠠᠰᠠᠢ᠂ ᠠᠯᠲᠠᠨ ᠳᠡᠯᠡᠬᠡᠢ ᠮᠢᠨᠢ
ᠠᠵᠠ ᠵᠢᠷᠭᠠᠯ ᠳᠦᠭᠦᠷᠡᠩ ᠪᠠᠢᠭᠠᠰᠠᠢ
ᠠᠵᠠ ᠵᠢᠷᠭᠠᠯ ᠳᠦᠭᠦᠷᠡᠩ ᠪᠠᠢᠭᠠᠰᠠᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ