ᠮᠢᠨᠦ ᠵᠠᠶᠠᠭᠠᠭᠰᠠᠨ ᠥᠯᠥᠭᠡᠢ -ᠪᠠᠲᠤᠵᠢᠷᠭᠠᠯ Minii zayaasan ölgii-BatjargalМиний заяасан өлгий-Батжаргал
ᠮᠢᠨᠦ ᠵᠠᠶᠠᠭᠠᠭᠰᠠᠨ ᠥᠯᠥᠭᠡᠢ
ᠦᠭᠡ· ᠠᠶ᠎ᠠ᠄ ᠪᠠᠲᠤᠵᠢᠷᠭᠠᠯ
ᠳᠠᠭᠤᠴᠢᠨ᠄ ᠪᠠᠲᠤᠵᠢᠷᠭᠠᠯ
ᠲᠡᠷᠡ ᠬᠣᠯᠠ ᠬᠠᠷᠠᠭᠳᠠᠭ᠎ᠠ ᠬᠣᠨᠢᠨ ᠰᠦᠷᠦᠭ ᠦ᠋ᠳ ᠪᠠᠢᠨ᠎ᠠ
ᠲᠡᠷᠡ ᠬᠣᠯᠠ ᠳᠠᠪᠬᠢᠯᠳᠤᠭᠠ ᠠᠳᠤᠭᠤᠨ ᠰᠦᠷᠦᠭ ᠦ᠋ᠳ ᠪᠠᠢᠨ᠎ᠠ
ᠲᠡᠷᠡ ᠬᠣᠯᠠ ᠦᠵᠡᠭᠳᠡᠭᠡ ᠦᠬᠡᠷ ᠦ᠋ᠨ ᠰᠦᠷᠦᠭ ᠦ᠋ᠳ ᠪᠠᠢᠨ᠎ᠠ
ᠲᠡᠷᠡ ᠬᠣᠯᠠ ᠵᠣᠭᠰᠣᠭ᠎ᠠ ᠲᠡᠮᠡᠭᠡᠨ ᠰᠦᠷᠦᠭ ᠦ᠋ᠳ ᠪᠠᠢᠨ᠎ᠠ
ᠡᠨᠡ ᠪᠣᠯ ᠮᠢᠨᠦ ᠨᠤᠲᠤᠭ ᠮᠣᠩᠭᠣᠯ ᠣᠷᠣᠨ
ᠡᠨᠡ ᠪᠣᠯ ᠮᠢᠨᠦ ᠮᠣᠩᠭᠣᠯ ᠲᠥᠷᠥᠭᠰᠡᠨ ᠨᠤᠲᠤᠭ
ᠡᠨᠡ ᠪᠣᠯ ᠮᠢᠨᠦ ᠠᠭᠤᠳᠠᠮ ᠬᠥᠳᠡᠭᠡ ᠲᠠᠯ᠎ᠠ
ᠡᠨᠡ ᠪᠣᠯ ᠮᠢᠨᠦ ᠵᠠᠶᠠᠭᠠᠭᠰᠠᠨ ᠥᠯᠥᠭᠡᠢ
ᠲᠡᠷᠡ ᠬᠣᠯᠠ ᠴᠠᠢᠯᠵᠠᠭᠠ ᠮᠣᠩᠭᠣᠯ ᠭᠡᠷ ᠦ᠋ᠳ ᠪᠠᠢᠨ᠎ᠠ
ᠲᠡᠷᠡ ᠬᠣᠯᠠ ᠰᠤᠭᠤᠨᠠᠭᠯᠠᠭᠠ ᠠᠷᠭᠠᠯ ᠤ᠋ᠨ ᠤᠲᠤᠭ᠎ᠠ ᠪᠠᠢᠨ᠎ᠠ
ᠲᠡᠷᠡ ᠬᠣᠯᠠ ᠬᠥᠪᠦᠯᠵᠡᠭᠡ ᠲᠠᠯ᠎ᠠ ᠶ᠋ᠢᠨ ᠵᠡᠷᠭᠡᠯᠭᠡᠨ ᠪᠠᠢᠨ᠎ᠠ
ᠲᠡᠷᠡ ᠬᠣᠯᠠ ᠰᠣᠨᠣᠰᠤᠭᠳᠠᠭ᠎ᠠ ᠤᠷᠲᠤ ᠶ᠋ᠢᠨ ᠳᠠᠭᠤᠤ ᠪᠠᠢᠨ᠎ᠠ
ᠡᠨᠡ ᠪᠣᠯ ᠮᠢᠨᠦ ᠨᠤᠲᠤᠭ ᠮᠣᠩᠭᠣᠯ ᠣᠷᠣᠨ
ᠡᠨᠡ ᠪᠣᠯ ᠮᠢᠨᠦ ᠮᠣᠩᠭᠣᠯ ᠲᠥᠷᠥᠭᠰᠡᠨ ᠨᠤᠲᠤᠭ
ᠡᠨᠡ ᠪᠣᠯ ᠮᠢᠨᠦ ᠠᠭᠤᠳᠠᠮ ᠬᠥᠳᠡᠭᠡ ᠲᠠᠯ᠎ᠠ
ᠡᠨᠡ ᠪᠣᠯ ᠮᠢᠨᠦ ᠵᠠᠶᠠᠭᠠᠭᠰᠠᠨ ᠥᠯᠥᠭᠡᠢ
ᠲᠡᠷᠡ ᠬᠣᠯᠠ ᠤᠷᠤᠰᠤᠭ᠎ᠠ ᠭᠣᠣᠯ ᠭᠣᠷᠣᠬ᠎ᠠ ᠨᠤᠭᠤᠳ ᠪᠠᠢᠨ᠎ᠠ
ᠲᠡᠷᠡ ᠬᠣᠯᠠ ᠭᠠᠩᠭᠠᠨᠠᠯᠳᠤᠭᠠ ᠭᠠᠯᠠᠭᠤᠨ ᠰᠦᠷᠦᠭ ᠦ᠋ᠳ ᠪᠠᠢᠨ᠎ᠠ
ᠲᠡᠷᠡ ᠬᠣᠯᠠ ᠰᠦᠨᠳᠡᠷᠯᠡᠭᠡ ᠠᠭᠤᠯᠠ ᠬᠠᠶ᠋ᠢᠷᠠᠬᠤᠨ ᠪᠠᠢᠨ᠎ᠠ
ᠲᠡᠷᠡ ᠬᠣᠯᠠ ᠳᠡᠯᠭᠡᠭᠡ ᠨᠣᠭᠣᠭᠠᠨ ᠲᠠᠯ᠎ᠠ ᠪᠠᠢᠨ᠎ᠠ
ᠡᠨᠡ ᠪᠣᠯ ᠮᠢᠨᠦ ᠨᠤᠲᠤᠭ ᠮᠣᠩᠭᠣᠯ ᠣᠷᠣᠨ
ᠡᠨᠡ ᠪᠣᠯ ᠮᠢᠨᠦ ᠮᠣᠩᠭᠣᠯ ᠲᠥᠷᠥᠭᠰᠡᠨ ᠨᠤᠲᠤᠭ
ᠡᠨᠡ ᠪᠣᠯ ᠮᠢᠨᠦ ᠠᠭᠤᠳᠠᠮ ᠬᠥᠳᠡᠭᠡ ᠲᠠᠯ᠎ᠠ
ᠡᠨᠡ ᠪᠣᠯ ᠮᠢᠨᠦ ᠵᠠᠶᠠᠭᠠᠭᠰᠠᠨ ᠥᠯᠥᠭᠡᠢ
ᠦᠰᠦᠭ ᠠᠮᠢᠯᠠᠭᠤᠯᠤᠭᠴᠢ᠄ ᠵᠢᠷᠠᠨᠲᠠᠢ
ᠦᠰᠦᠭ ᠬᠠᠲᠠᠭᠴᠢ᠄ ᠵᠢᠷᠠᠨᠲᠠᠢ
ᠬᠢᠨᠠᠭᠴᠢ᠄ ᠤᠤᠭᠠᠨᠵᠢᠳ