ᠨᠤᠲᠤᠭ ᠮᠢᠨᠢ -ᠨᠠᠮᠢᠷᠭᠠᠨNutag mini-NamirganНутаг минь-Намирган ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠮᠢᠨᠢ -ᠨᠠᠮᠢᠷᠭᠠᠨNutag mini-NamirganНутаг минь-Намирган

ᠨᠤᠲᠤᠭ ᠮᠢᠨᠢ -ᠨᠠᠮᠢᠷᠭᠠᠨNutag mini-NamirganНутаг минь-Намирган

ᠠᠩᠭᠢᠯᠠᠯ:ᠳᠠᠭᠤᠤ ᠬᠥᠭᠵᠢᠮ
2025-09-22

458

ᠨᠤᠲᠤᠭ ᠮᠢᠨᠢ

     ᠦᠭᠡ᠄ ᠰᠡᠴᠡᠨᠪᠠᠠᠭᠠᠲᠤᠷ 
     ᠠᠶ᠎ᠠ᠄ ᠲᠠᠢᠵᠢ ᠷᠢᠨᠴᠢᠨ 
     ᠳᠠᠭᠤᠴᠢᠨ᠄ ᠨᠠᠮᠢᠷᠭᠠᠨ 

ᠵᠣᠣ ᠶ᠋ᠢᠨ ᠠᠷᠤ ᠶ᠋ᠢᠨ ᠴᠠᠢᠳᠠᠮ ᠨᠢ ᠬᠦ 
ᠵᠤᠰᠠᠯᠠᠩ ᠤ᠋ᠨ ᠪᠡᠯᠴᠢᠭᠡᠷ ᠪᠠᠢᠯ᠎ᠠ ᠰᠢᠦ 
ᠳᠠᠬᠢᠯᠲᠠ ᠭᠤᠷᠪᠠᠨ ᠪᠤᠯᠠᠭ ᠨᠢ ᠬᠦ 
ᠷᠠᠰᠢᠶᠠᠨ ᠤᠰᠤ  ᠤᠨᠳᠤᠷᠳᠠᠭ ᠰᠢᠦ 
ᠠᠢ ᠳᠠ᠂ ᠠᠪᠤ ᠶ᠋ᠢᠨ ᠴᠠᠢᠳᠠᠮ 
ᠵᠠ ᠬᠦ᠂ ᠡᠵᠢ ᠶ᠋ᠢᠨ ᠪᠤᠯᠠᠭ 

ᠮᠥᠷᠭᠥᠴᠡᠭ ᠦ᠋ᠨ ᠥᠨᠳᠥᠷ ᠣᠷᠣᠢ ᠨᠢ ᠬᠦ 
ᠴᠠᠬᠢᠯᠳᠠᠭ ᠴᠡᠴᠡᠭᠯᠡᠳᠡᠭ ᠪᠠᠢᠯ᠎ᠠ ᠰᠢᠦ 
ᠬᠥᠬᠡ ᠲᠣᠯᠣᠭᠠᠢ ᠶ᠋ᠢᠨ ᠴᠠᠢᠳᠠᠮ ᠨᠢ ᠬᠦ 
ᠬᠣᠨᠢ ᠢᠮᠠᠭ᠎ᠠ ᠪᠡᠯᠴᠢᠳᠡᠭ ᠰᠢᠦ 
ᠠᠢ ᠳᠠ᠂ ᠠᠪᠤ ᠶ᠋ᠢᠨ ᠴᠠᠢᠳᠠᠮ 
ᠵᠠ ᠬᠦ᠂ ᠡᠵᠢ ᠶ᠋ᠢᠨ ᠪᠤᠯᠠᠭ 

ᠬᠠᠯᠵᠠᠨ ᠳᠠᠪᠠᠭᠠᠨ ᠤ᠋ ᠣᠷᠣᠢ ᠨᠢ
ᠬᠠᠮᠠᠷᠠᠭ ᠢ᠋ᠶ᠋ᠠᠷ ᠳᠦᠭᠦᠷᠡᠩ ᠪᠠᠢᠯ᠎ᠠ ᠰᠢᠦ
ᠮᠣᠳᠣᠨ ᠬᠠᠳᠠᠨ ᠬᠣᠶᠠᠷ ᠣᠪᠣᠭ᠎ᠠ ᠨᠢ ᠬᠦ 
ᠮᠣᠷᠢ ᠣᠷᠣᠯᠳᠣᠳᠠᠭ ᠲᠠᠯ᠎ᠠ ᠲᠠᠢ ᠰᠢᠦ
ᠠᠢ ᠳᠠ᠂ ᠠᠪᠤ ᠶ᠋ᠢᠨ ᠴᠠᠢᠳᠠᠮ
ᠵᠠ ᠬᠦ᠂ ᠡᠵᠢ ᠶ᠋ᠢᠨ ᠪᠤᠯᠠᠭ

ᠴᠠᠭᠠᠨ ᠪᠤᠯᠤᠩ ᠤ᠋ᠨ ᠡᠯᠡᠰᠦ ᠨᠢ ᠬᠦ
ᠡᠮᠨᠢᠭ ᠣᠩᠭᠣᠨ ᠢ᠋ᠶ᠋ᠠᠷ ᠨᠢ ᠪᠠᠢᠯ᠎ᠠ ᠰᠢᠦ
ᠥᠨᠳᠥᠷ ᠤᠯᠠᠭᠠᠨ ᠮᠠᠩᠬ᠎ᠠ ᠨᠢ ᠬᠦ
ᠤᠳᠠ ᠪᠤᠷᠭᠠᠰᠤ ᠪᠦᠷᠬᠦᠳᠡᠭ ᠰᠢᠦ
ᠠᠢ ᠳᠠ᠂ ᠠᠪᠤ ᠶ᠋ᠢᠨ ᠴᠠᠢᠳᠠᠮ
ᠵᠠ ᠬᠦ᠂ ᠡᠵᠢ ᠶ᠋ᠢᠨ ᠪᠤᠯᠠᠭ

ᠲᠠᠶ᠋ᠢᠲᠠᠭᠠᠢ ᠶ᠋ᠢᠨ ᠰᠠᠢᠬᠠᠨ ᠣᠪᠣᠭ᠎ᠠ ᠨᠢ ᠬᠦ
ᠳᠠᠷᠬᠠᠨ ᠣᠩᠭᠣᠨ ᠢ᠋ᠶ᠋ᠠᠷ ᠨᠢ ᠪᠠᠢᠯ᠎ᠠ ᠰᠢᠦ
ᠳᠤᠭᠤᠢ ᠲᠠᠯ᠎ᠠ ᠶ᠋ᠢᠨ ᠴᠠᠢᠳᠠᠮ ᠨᠢ ᠬᠦ
ᠤᠯᠠᠭᠠᠨ ᠰᠤᠬᠠᠢ ᠪᠦᠷᠬᠦᠳᠡᠭ ᠰᠢᠦ
ᠠᠢ ᠳᠠ᠂ ᠠᠪᠤ ᠶ᠋ᠢᠨ ᠴᠠᠢᠳᠠᠮ
ᠵᠠ ᠬᠦ᠂ ᠡᠵᠢ ᠶ᠋ᠢᠨ ᠪᠤᠯᠠᠭ᠃

ᠵᠣᠣ ᠶ᠋ᠢᠨ ᠠᠷᠤ ᠶ᠋ᠢᠨ ᠴᠠᠢᠳᠠᠮ ᠨᠢ ᠬᠦ
ᠵᠤᠰᠠᠯᠠᠩ ᠤ᠋ᠨ ᠪᠡᠯᠴᠢᠭᠡᠷ ᠪᠠᠢᠯ᠎ᠠ ᠰᠢᠦ
ᠳᠠᠬᠢᠯᠲᠠ ᠭᠤᠷᠪᠠᠨ ᠪᠤᠯᠠᠭ ᠨᠢ ᠬᠦ
ᠷᠠᠰᠢᠶᠠᠨ ᠤᠰᠤ  ᠤᠨᠳᠤᠷᠳᠠᠭ ᠰᠢᠦ
ᠠᠢ ᠳᠠ᠂ ᠠᠪᠤ ᠶ᠋ᠢᠨ ᠴᠠᠢᠳᠠᠮ
ᠵᠠ ᠬᠦ᠂ ᠡᠵᠢ ᠶ᠋ᠢᠨ ᠪᠤᠯᠠᠭ᠃
      
  ᠦᠰᠦᠭ ᠬᠠᠳᠠᠭᠴᠢ᠄ ᠵᠢᠷᠠᠨᠲᠠᠢ
  ᠦᠰᠦᠭ ᠠᠮᠢᠯᠠᠭᠤᠯᠤᠭᠴᠢ᠄ ᠤᠤᠭᠠᠨᠵᠢᠳ
  ᠬᠢᠨᠠᠭᠴᠢ᠄ ᠰᠡᠴᠡᠨᠪᠠᠭᠠᠲᠤᠷ᠂ ᠵᠢᠷᠠᠨᠲᠠᠢ᠂ ᠳᠠᠯᠠᠨᠲᠠᠢ