ᠨᠤᠲᠤᠭ ᠤ᠋ᠨ ᠨᠠᠮᠤᠷ- ᠲᠤᠶᠠᠭ᠎ᠠNutgiin namar-TuyaaНутгийн намар-Туяа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤ᠋ᠨ ᠨᠠᠮᠤᠷ- ᠲᠤᠶᠠᠭ᠎ᠠNutgiin namar-TuyaaНутгийн намар-Туяа

ᠨᠤᠲᠤᠭ ᠤ᠋ᠨ ᠨᠠᠮᠤᠷ- ᠲᠤᠶᠠᠭ᠎ᠠNutgiin namar-TuyaaНутгийн намар-Туяа

ᠠᠩᠭᠢᠯᠠᠯ:ᠳᠠᠭᠤᠤ ᠬᠥᠭᠵᠢᠮ
2025-09-21

1849

ᠨᠤᠲᠤᠭ ᠤ᠋ᠨ ᠨᠠᠮᠤᠷ

    ᠦᠭᠡ᠂ ᠠᠶ᠎ᠠ᠄ ᠳ᠂ ᠪᠥᠬᠡᠴᠢᠯᠠᠭᠤ 
    ᠳᠠᠭᠤᠴᠢᠨ᠄ ᠲᠤᠶᠠᠭ᠎ᠠ 

ᠰᠡᠷᠢᠭᠦᠨ ᠨᠠᠮᠤᠷ ᠤ᠋ᠨ ᠴᠠᠭ ᠪᠣᠯᠬᠤ ᠳ᠋ᠤ᠌
ᠮᠢᠩᠭᠠᠨ ᠭᠠᠯᠠᠭᠤᠳ ᠨᠠᠭᠤᠷ ᠢ᠋ᠶ᠋ᠠᠨ ᠣᠷᠬᠢᠭᠠᠳ ᠡᠮᠦᠨ᠎ᠡ ᠶ᠋ᠢ ᠵᠣᠷᠢᠨ᠎ᠠ 
ᠨᠤᠲᠤᠭ ᠤ᠋ᠨ ᠠᠭᠤᠯᠠᠰ ᠬᠣᠯᠠᠳᠤᠨ ᠴᠡᠩᠬᠡᠷᠯᠡᠭᠡᠳ 
ᠨᠠᠭᠤᠷ ᠤ᠋ᠨ ᠤᠰᠤ ᠮᠢᠨᠢ ᠥᠨᠥᠴᠢᠷᠡᠨ ᠮᠡᠯᠮᠡᠷᠡᠨ᠎ᠡ 

ᠠᠷᠭ᠎ᠠ ᠦᠭᠡᠢ ᠠᠷᠤ ᠭᠠᠵᠠᠷ ᠮᠢᠨᠢ ᠨᠠᠮᠤᠷ ᠪᠣᠯᠬᠤ ᠳ᠋ᠤ᠌ 
ᠠᠯᠤᠰ ᠤ᠋ᠨ ᠪᠠᠷ᠎ᠠ ᠬᠦᠷᠡᠩᠳᠡᠨ ᠨᠠᠢᠭᠤᠨ᠎ᠠ ᠳ᠋ᠠ 
ᠰᠠᠢᠨ ᠢ᠋ ᠢᠷᠥᠭᠡᠭᠰᠡᠨ ᠠᠯᠲᠠᠨ ᠨᠠᠮᠤᠷ ᠠ᠋ ᠬᠦ᠋ 
ᠰᠡᠳᠬᠢᠯ ᠢ᠋ ᠮᠢᠨᠢ ᠭᠠᠩᠬᠤᠭᠤᠯᠤᠭᠰᠠᠨ ᠨᠤᠲᠤᠭ ᠤ᠋ᠨ ᠮᠢᠨᠢ ᠨᠠᠮᠤᠷ ᠠ᠋ ᠬᠦ᠋ 
 
ᠤᠶᠠᠰᠬᠤ ᠨᠠᠮᠤᠷ ᠤ᠋ᠨ ᠴᠠᠭ ᠪᠣᠯᠬᠤ ᠳ᠋ᠤ᠌
ᠠᠭᠤᠳᠠᠮ ᠪᠠᠢᠭᠠᠯᠢ ᠰᠢᠷᠭᠠᠯᠳᠠᠨ ᠬᠣᠯᠠ ᠶ᠋ᠢ ᠪᠣᠳᠣᠭᠤᠯᠤᠨ᠎ᠠ
ᠤᠶᠠᠨ ᠤ᠋ ᠤᠯᠠᠷᠢᠯ ᠡᠮᠦᠨ᠎ᠡ ᠶ᠋ᠢ ᠵᠣᠷᠢᠬᠤ ᠳ᠋ᠤ᠌
ᠠᠭᠤᠯᠠᠰ ᠤ᠋ᠨ ᠣᠷᠣᠢ ᠪᠠᠷ ᠬᠢᠷᠠᠭᠤ ᠴᠠᠢᠷᠠᠨ᠎ᠠ
      ( ᠳᠠᠬᠢᠯᠲᠠ)    ( ᠳᠠᠬᠢᠯᠲᠠ)

ᠮᠠᠯᠴᠢᠨ ᠵᠠᠶᠠᠭ᠎ᠠ ᠪᠠᠨ ᠡᠷᠭᠦᠵᠦ ᠶᠠᠪᠤᠭᠰᠠᠨ
ᠲᠡᠨᠢᠭᠦᠨ ᠪᠠᠢᠭᠠᠯᠢ ᠴᠡᠩᠭᠡᠭ ᠠᠭᠠᠷ ᠲᠠᠢ ᠮᠣᠩᠭᠣᠯ ᠲᠦᠮᠡᠨ ᠮᠢᠨᠢ
ᠤᠯᠠᠷᠢᠯ ᠡᠭᠡᠯᠵᠢᠯᠡᠭᠰᠡᠨ ᠴᠦ᠍ ᠨᠢᠭᠤᠷ ᠲᠠᠭᠠᠨ ᠴᠣᠭ ᠲᠠᠢ
ᠤᠳᠤᠮ ᠤ᠋ᠨ ᠵᠣᠷᠢᠮᠠᠭ ᠢᠰᠡᠭᠡᠢ ᠲᠤᠭᠤᠷᠭᠠᠲᠠᠨ ᠮᠢᠨᠢ
       ( ᠳᠠᠬᠢᠯᠲᠠ)

      ᠦᠰᠦᠭ ᠬᠠᠳᠠᠭᠴᠢ᠄ ᠠᠯᠲᠠᠨᠴᠢᠮᠡᠭ
      ᠦᠰᠦᠭ ᠠᠮᠢᠯᠠᠭᠤᠯᠤᠭᠴᠢ᠄ ᠠᠯᠲᠠᠨᠴᠢᠮᠡᠭ